ᠮᠣᠩᠭᠣᠯ ᠤᠯᠤᠰ ᠠᠴᠠ ᠪᠦᠲ᠋ᠠᠨ ᠤ ᠬᠠᠭᠠᠨᠲᠤ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠳ∙ᠭᠠᠩᠪᠣᠯᠣᠳ ᠡᠨᠡ ᠰᠠᠷ᠎ᠠ ᠶᠢᠨ 14 ᠳᠦ ᠪᠦᠲ᠋ᠠᠨ ᠤ ᠴᠣᠭ ᠵᠢᠪᠬᠤᠯᠠᠩᠲᠤ ᠬᠠᠭᠠᠨ ᠵᠢᠭᠮᠡ ᠭᠡᠰᠡᠷ ᠨᠠᠮᠵᠢᠯ ᠸᠠᠩᠴᠤᠭ ᠲᠤ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠵᠠᠢ᠃
ᠡᠯᠴᠢᠨ ᠰᠠᠶᠢᠳ ᠳ ∙ᠭᠠᠩᠪᠣᠯᠣᠳ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠶᠢᠨ ᠮᠡᠨᠳᠦᠴᠢᠯᠡᠭᠡ ᠶᠢ ᠴᠣᠭ ᠵᠢᠪᠬᠤᠯᠠᠩᠲᠤ ᠬᠠᠭᠠᠨ ᠳᠤ ᠤᠯᠠᠮᠵᠢᠯᠠᠵᠤ᠂ ᠬᠣᠶᠠᠷ ᠤᠯᠤᠰ ᠤᠨ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠠᠶᠠᠯᠠᠯ ᠵᠢᠭᠤᠯᠴᠢᠯᠠᠯ᠂ ᠬᠥᠳᠡᠭᠡ ᠠᠵᠤ ᠠᠬᠤᠢ ᠶᠢᠨ ᠰᠠᠯᠪᠤᠷᠢ ᠳᠤ ᠥᠷᠭᠡᠵᠢᠭᠦᠯᠦᠨ ᠬᠥᠭᠵᠢᠭᠦᠯᠬᠦ ᠳᠦ ᠣᠨᠴᠠᠭᠠᠶᠢᠯᠠᠨ ᠠᠩᠬᠠᠷᠴᠤ ᠠᠵᠢᠯᠯᠠᠬᠤ ᠪᠠᠨ ᠢᠯᠡᠷᠬᠡᠶᠢᠯᠡᠭᠰᠡᠨ ᠪᠠᠶᠢᠨ᠎ᠠ᠃