ᠳ ∙ ᠨᠢᠮ᠎ᠠ ᠶᠢᠨ ᠰᠢᠯᠦᠭ ᠤᠳ《Lapin Lunaire》ᠨᠡᠷ᠎ᠡ ᠲᠡᠢ ᠪᠡᠷ ᠹᠷᠠᠨᠼᠢ ᠳᠤ ᠬᠡᠪᠯᠡᠭᠳᠡᠯ᠎ᠡ | News.MN

ᠳ ∙ ᠨᠢᠮ᠎ᠠ ᠶᠢᠨ ᠰᠢᠯᠦᠭ ᠤᠳ《Lapin Lunaire》ᠨᠡᠷ᠎ᠡ ᠲᠡᠢ ᠪᠡᠷ ᠹᠷᠠᠨᠼᠢ ᠳᠤ ᠬᠡᠪᠯᠡᠭᠳᠡᠯ᠎ᠡ

ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠳ∙ᠨᠢᠮ᠎ᠠ  ᠶᠢᠨ ᠰᠢᠯᠦᠭ ᠦᠨ ᠲᠡᠭᠦᠪᠦᠷᠢ ᠹᠷᠠᠨᠼᠢ ᠤᠯᠤᠰ ᠲᠤ 《LAPIN LUNAIRE》 ᠨᠡᠷ᠎ᠡ ᠪᠡᠷ ᠴᠠᠭᠠᠰᠤᠨ ᠪᠣᠯᠤᠨ ᠴᠠᠬᠢᠮ ᠬᠡᠯᠪᠡᠷᠢ ᠪᠡᠷ ᠬᠡᠪᠯᠡᠭᠳᠡᠵᠡᠢ᠃ ᠳᠥᠷᠪᠡᠳᠦᠭᠡᠷ ᠰᠠᠷ᠎ᠠ ᠶᠢᠨ 18  ᠠᠴᠠ ᠹᠷᠠᠨᠼᠢ ᠬᠡᠯᠡᠳᠦ ᠤᠩᠰᠢᠭᠴᠢᠳ ᠲᠤ ᠬᠦᠷᠴᠦ ᠡᠬᠢᠯᠡᠭᠰᠡᠨ ᠪᠠᠶᠢᠨ᠎ᠠ᠃

ᠲᠡᠭᠦᠨ ᠦ ᠰᠢᠯᠦᠭ ᠢ ᠣᠷᠴᠢᠭᠤᠯᠤᠭᠴᠢ ᠱ∙ᠮᠠᠶᠢᠴᠡᠴᠡᠭ ᠣᠷᠴᠢᠭᠤᠯᠤᠨ᠂ ᠹᠷᠠᠨᠼᠢ ᠤᠯᠤᠰ ᠤᠨ 《EDITIONS DU PANTNEON》 ᠬᠡᠪᠯᠡᠯ ᠦᠨ ᠭᠠᠵᠠᠷ ᠠᠴᠠ ᠡᠷᠬᠢᠯᠡᠨ ᠭᠠᠷᠭᠠᠵᠠᠢ᠃ ᠲᠡᠭᠦᠪᠦᠷᠢ ᠨᠢ 21 ᠰᠢᠯᠦᠭ ᠡᠴᠡ ᠪᠦᠷᠢᠳᠦᠭᠰᠡᠨ ᠪᠥᠭᠡᠳ ᠣᠷᠴᠢᠭᠤᠯᠭ᠎ᠠ ᠶᠢ ᠪ ∙ ᠴᠢᠮᠡᠭᠰᠠᠶᠢᠬᠠᠨ᠂ François Brisset ᠨᠠᠷ ᠬᠢᠨᠠᠨ ᠲᠣᠬᠢᠶᠠᠯᠳᠤᠭᠤᠯᠵᠠᠢ᠃

ᠰᠡᠳᠬᠢᠭᠳᠡᠯ ᠦᠯᠡᠳᠡᠭᠡᠬᠦ