ᠤᠯᠤᠰ ᠤᠨ ᠬᠡᠮᠵᠢᠶᠡᠨ ᠳᠦ 2022 ᠣᠨ ᠤ ᠡᠴᠦᠰ ᠲᠦ ᠲᠣᠭᠠᠯᠠᠭᠳᠠᠭᠰᠠᠨ ᠲᠥᠯᠯᠡᠬᠦ ᠨᠠᠰᠤᠨ ᠤ ᠨᠡᠶᠢᠲᠡ 30.9 ᠰᠠᠶ᠎ᠠ ᠬᠡᠭᠡᠯᠲᠦᠭᠴᠢ ᠮᠠᠯ ᠤᠨ 5.5 ᠰᠠᠶ᠎ᠠ ᠪᠤᠶᠤ 17.9 ᠬᠤᠪᠢ ᠨᠢ 2023 ᠣᠨ ᠤ ᠡᠬᠢᠨ ᠦ ᠤᠯᠠᠷᠢᠯ ᠳᠤ ᠲᠥᠯᠯᠡᠭᠰᠡᠨ ᠪᠠᠶᠢᠨ᠎ᠠ᠃ ᠲᠤᠬᠠᠶᠢᠯᠠᠪᠠᠯ ᠬᠣᠨᠢᠨ ᠤ 20.6 ᠬᠤᠪᠢ᠂ ᠢᠮᠠᠭᠠᠨ ᠤ 19.0 ᠬᠤᠪᠢ᠂ ᠢᠩᠭᠡᠨ ᠦ 9.4 ᠬᠤᠪᠢ᠂ ᠦᠨᠢᠶ᠎ᠡ ᠶᠢᠨ 6.1 ᠬᠤᠪᠢ᠂ ᠭᠡᠭᠦᠦ ᠶᠢᠨ 2.3 ᠬᠤᠪᠢ ᠨᠢ ᠲᠥᠯᠯᠡᠵᠡᠢ᠃
ᠡᠬᠢᠨ ᠦ ᠤᠯᠠᠷᠢᠯ ᠳᠤ ᠭᠠᠷᠤᠭᠰᠠᠨ ᠲᠥᠯ ᠦᠨ 97.3 ᠬᠤᠪᠢ ᠪᠤᠶᠤ 5.3 ᠰᠠᠶ᠎ᠠ ᠲᠥᠯ ᠮᠠᠯ ᠪᠣᠶᠢᠵᠢᠵᠤ ᠪᠠᠶᠢᠨ᠎ᠠ᠃ ᠡᠨᠡ ᠨᠢ ᠡᠮᠦᠨᠡᠬᠢ ᠣᠨ ᠤ ᠮᠥᠨ ᠦᠶ᠎ᠡ ᠡᠴᠡ ᠭᠤᠷᠪᠠᠨ ᠰᠠᠶ᠎ᠠ ᠪᠤᠶᠤ 35.8 ᠬᠤᠪᠢ ᠪᠠᠷ ᠪᠠᠭᠤᠷᠠᠭᠰᠠᠨ ᠦᠵᠡᠭᠦᠯᠦᠯᠲᠡ ᠲᠡᠢ ᠭᠠᠷᠴᠠᠢ᠃