ᠮᠣᠩᠭᠣᠯ ᠤᠨ ᠸᠣᠯᠧᠢᠪᠣᠯ ᠤᠨ ᠦᠨᠳᠦᠰᠦᠨ ᠦ ᠳᠡᠭᠡᠳᠦ ᠯᠢᠭ ᠦᠨ《ᠡᠮᠦᠨᠡᠭᠣᠪᠢ ᠱᠠᠩᠬᠤ》ᠪᠠᠭ ᠤᠨ ᠠᠬᠠᠯᠠᠭᠴᠢ᠂ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠪ∙ᠪᠠᠲᠤᠰᠠᠭᠤᠷᠢ ᠠᠽᠧᠷᠪᠠᠶᠢᠵᠠᠨ ᠤ ᠯᠢᠭ ᠲᠦ ᠲᠣᠭᠯᠠᠵᠤ ᠪᠠᠶᠢᠨ᠎ᠠ᠃ ᠲᠡᠷᠡ ᠪᠤᠯ ᠮᠣᠩᠭᠣᠯ ᠤᠨ ᠡᠷᠡᠭᠲᠡᠢ ᠸᠣᠯᠧᠢᠪᠣᠯᠴᠢᠳ ᠠᠴᠠ ᠭᠠᠳᠠᠭᠠᠳᠤ ᠶᠢᠨ ᠯᠢᠭ ᠲᠦ ᠯᠧᠭᠢᠣᠨᠧᠷ ᠢᠶᠠᠷ ᠣᠴᠢᠭᠰᠠᠨ ᠭᠤᠷᠪᠠᠳᠠᠬᠢ ᠲᠠᠮᠢᠷᠴᠢᠨ ᠶᠤᠮ᠃
ᠪ∙ᠪᠠᠲᠤᠰᠠᠭᠤᠷᠢ 10 ᠨᠠᠰᠤᠲᠠᠢ ᠠᠴᠠ ᠪᠠᠨ ᠸᠣᠯᠧᠢᠪᠣᠯ ᠤᠨ ᠰᠫᠣᠷᠲ ᠢᠶᠠᠷ ᠬᠢᠴᠢᠶᠡᠯᠯᠡᠭᠰᠡᠨ ᠪᠥᠭᠡᠳ 2018 ᠣᠨ ᠠᠴᠠ 《ᠡᠷᠴᠢᠮ》 ᠺᠯᠦ᠋ᠫ ᠲᠤ ᠬᠠᠷᠢᠶᠠᠯᠠᠭᠳᠠᠵᠤ᠂ 2018᠂ 2019 ᠣᠨ ᠤ ᠵᠠᠯᠠᠭᠤᠴᠤᠳ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠠᠯᠲᠠᠨ ᠮᠧᠳᠠᠯ ᠬᠦᠷᠲᠡᠵᠦ ᠪᠠᠶᠢᠪᠠ᠃