ᠨᠡᠶᠢᠰᠯᠡᠯ ᠤᠨ ᠠᠶᠠᠯᠠᠯ ᠵᠢᠭᠤᠯᠴᠢᠯᠠᠯ ᠤᠨ ᠭᠠᠵᠠᠷ᠂ ᠮᠣᠩᠭᠤᠯ ᠹᠷᠠᠨᠼᠢ ᠶᠢᠨ ᠲᠥᠪ ᠲᠠᠢ ᠬᠠᠮᠲᠤᠷᠠᠨ ᠹᠷᠠᠨᠼᠢ ᠬᠡᠯᠡᠲᠡᠨ ᠣᠷᠣᠨ ᠨᠤᠭᠤᠳ ᠤᠨ ᠬᠡᠯᠡ᠂ ᠰᠣᠶᠣᠯ ᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ︽ᠹᠷᠠᠨᠼᠢ ᠬᠡᠯᠡᠲᠡᠳ ᠤᠨ ᠪᠡᠶᠡᠷ︾ ᠢ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ᠃
ᠡᠨᠡ ᠬᠦᠷᠢᠶᠡᠨ ᠳᠤ Fête de la Francophonie ᠪᠤᠶᠤ︽ᠹᠷᠠᠨᠼᠢ ᠬᠡᠯᠡᠲᠡᠳ ᠤᠨ ᠪᠡᠶᠡᠷ︾- ᠹᠷᠠᠨᠼᠢ ᠶᠢᠨ ᠰᠤᠶᠦᠯ᠂ ᠠᠶᠠᠯᠠᠯ ᠵᠢᠭᠤᠯᠴᠢᠯᠠᠯ ᠤᠨ ᠡᠳᠦᠷᠯᠢᠭ 24 ᠳᠠᠬᠢ ᠵᠢᠯ ᠳᠤ ᠪᠠᠨ ᠥᠨᠥᠳᠥᠷ ᠵᠠᠩᠵᠤᠨ ᠳ᠋᠊ ·ᠰᠦᠬᠡᠪᠠᠭᠠᠲᠤᠷ ᠤᠨ ᠲᠠᠯᠠᠪᠠᠢ ᠳᠤ 14:00-18:00 ᠴᠠᠭ ᠲᠤ ᠵᠣᠬᠢᠶᠠᠨ ᠪᠠᠶᠢᠭᠤᠯᠤᠨ᠎ᠠ᠃ ᠡᠳᠦᠷᠯᠢᠭ ᠲᠦ ᠹᠷᠠᠨᠼᠢ ᠬᠡᠯᠡ ᠪᠠᠷ ᠦᠶᠯᠡ ᠠᠵᠢᠯᠯᠠᠭ᠎ᠠ ᠪᠠᠨ ᠶᠠᠪᠤᠭᠤᠯᠳᠠᠭ ᠳ᠋ᠢᠫᠯᠤᠮᠠᠲ ᠪᠠᠶᠢᠭᠤᠯᠤᠯᠭ᠎ᠠ᠂ ᠪᠣᠯᠪᠠᠰᠤᠷᠠᠯ ᠰᠣᠶᠤᠯ ᠤᠨ ᠲᠥᠪ ᠤᠳ᠂ ᠪᠢᠽᠨᠧᠰ ᠬᠤᠳᠠᠯᠳᠤᠭ᠎ᠠ᠂ ᠠᠶᠠᠯᠠᠯ ᠵᠢᠭᠤᠯᠴᠢᠯᠠᠯ ᠤᠨ ᠺᠣᠮᠫᠠᠨᠢ ᠨᠤᠭᠤᠳ ᠦᠶᠯᠡ ᠠᠵᠢᠯᠯᠠᠭ᠎ᠠ ᠪᠡᠨ ᠲᠠᠨᠢᠯᠴᠠᠭᠤᠯᠤᠨ᠎ᠠ᠃