ᠣᠨ ᠭᠠᠷᠤᠭᠠᠳ 76 ᠮᠢᠩᠭᠠᠨ ᠭᠠᠳᠠᠭᠠᠳᠤ ᠵᠢᠭᠤᠯᠴᠢᠨ ᠬᠦᠯᠢᠶᠡᠨ ᠠᠪᠴᠠᠢ | News.MN

ᠣᠨ ᠭᠠᠷᠤᠭᠠᠳ 76 ᠮᠢᠩᠭᠠᠨ ᠭᠠᠳᠠᠭᠠᠳᠤ ᠵᠢᠭᠤᠯᠴᠢᠨ ᠬᠦᠯᠢᠶᠡᠨ ᠠᠪᠴᠠᠢ

ᠡᠨᠡ ᠣᠨ ᠭᠠᠷᠤᠭᠠᠳ ᠭᠤᠷᠪᠠᠳᠤᠭᠠᠷ ᠰᠠᠷ᠎ᠠ ᠶᠢᠨ 21  ᠪᠤᠯᠲᠠᠯ᠎ᠠ ᠮᠣᠩᠭᠤᠯ  ᠤᠯᠤᠰ 76 ᠮᠢᠩᠭ᠎ᠠ 68 ᠭᠠᠳᠠᠭᠠᠳᠤ ᠶᠢᠨ ᠵᠢᠭᠤᠯᠴᠢᠨ ᠬᠦᠯᠢᠶᠡᠨ ᠠᠪᠤᠭᠰᠠᠨ ᠢ ᠬᠢᠯᠢ ᠬᠠᠮᠡᠭᠠᠯᠡᠬᠤ ᠶᠡᠷᠦᠩᠬᠡᠶ ᠭᠠᠵᠠᠷ  ᠮᠡᠳᠡᠭᠡᠯᠡᠯ᠎ᠡ᠃ ᠵᠢᠭᠤᠯᠴᠢᠳ ᠤᠨ ᠳᠡᠶᠢᠯᠦᠩᠬᠢ ᠨᠢ ᠣᠷᠣᠰ᠂  ᠬᠢᠲᠠᠳ ᠂  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ  ᠤᠨ ᠢᠷᠭᠡᠳ ᠪᠠᠶᠢᠵᠠᠢ᠃
ᠰᠲ᠋ᠠᠲ᠋ᠢᠰᠲ᠋ᠢᠺ ᠮᠡᠳᠡᠭᠡᠯᠡᠯ ᠢᠶᠠᠷ ᠵᠥᠪᠬᠡᠨ ᠭᠤᠷᠪᠠᠳᠤᠭᠠᠷ ᠰᠠᠷ᠎ᠠ ᠳᠤ ᠯᠡ ᠭᠡᠬᠦ ᠳᠤ 34 ᠮᠢᠩᠭ᠎ᠠ ᠭᠠᠷᠦᠢ ᠵᠢᠭᠤᠯᠴᠢᠨ ᠮᠣᠩᠭᠤᠯ ᠤᠯᠤᠰ ᠲᠤ ᠢᠷᠡᠭᠰᠡᠨ ᠪᠠᠶᠢᠨ᠎ᠡ᠃ ᠤᠯᠠᠭᠠᠨᠪᠠᠭᠠᠲᠤᠷ ᠬᠤᠲᠠ ᠶᠢᠨ ᠣᠶᠢᠷᠠᠯᠴᠠᠭ᠎ᠠ ᠵᠣᠬᠢᠶᠠᠨ ᠪᠠᠢᠭᠤᠯᠤᠭᠳᠠᠳᠠᠭ︽ᠪᠦᠷᠭᠦᠳ ᠤᠨ ᠪᠡᠶᠡᠷ︾ ᠲᠤ ᠡᠨᠡ ᠣᠨ ᠳᠤ 10 ᠮᠢᠩᠭ᠎ᠠ ᠣᠷᠴᠢᠮ ᠵᠤᠴᠢᠠ ᠢᠷᠡᠭᠰᠡᠨ  ᠪᠠ︽ᠬᠥᠬᠡ ᠰᠤᠪᠤᠳ︾ᠮᠥᠰᠥᠨ ᠤ ᠪᠠᠶᠠᠷ ᠲᠤ ᠨᠡᠶᠢᠲᠡ 20 ᠮᠢᠩᠭᠠᠨ ᠠᠶᠠᠯᠠᠭᠴᠢ ᠣᠷᠣᠯᠴᠠᠭᠰᠠᠨ ᠤ ᠳᠣᠲᠣᠷ᠎ᠠ 10 ᠤᠯᠤᠰ ᠤᠨ 280 ᠣᠷᠴᠢᠮ ᠭᠠᠳᠠᠭᠠᠳᠤ ᠶᠢᠨ ᠵᠢᠭᠤᠯᠴᠢᠨ ᠪᠠᠶᠢᠭᠰᠠᠨ ᠭᠡᠵᠦ ᠬᠥᠪᠰᠥᠬᠦᠯ ᠠᠶᠢᠮᠠᠭ ᠤᠨ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠭᠠᠵᠠᠷ ᠮᠡᠳᠡᠭᠡᠯᠡᠪᠡ᠃

ᠰᠡᠳᠬᠢᠭᠳᠡᠯ ᠦᠯᠡᠳᠡᠭᠡᠬᠦ