ᠡᠨᠡ ᠣᠨ ᠭᠠᠷᠤᠭᠠᠳ ᠭᠤᠷᠪᠠᠳᠤᠭᠠᠷ ᠰᠠᠷ᠎ᠠ ᠶᠢᠨ 21 ᠪᠤᠯᠲᠠᠯ᠎ᠠ ᠮᠣᠩᠭᠤᠯ ᠤᠯᠤᠰ 76 ᠮᠢᠩᠭ᠎ᠠ 68 ᠭᠠᠳᠠᠭᠠᠳᠤ ᠶᠢᠨ ᠵᠢᠭᠤᠯᠴᠢᠨ ᠬᠦᠯᠢᠶᠡᠨ ᠠᠪᠤᠭᠰᠠᠨ ᠢ ᠬᠢᠯᠢ ᠬᠠᠮᠡᠭᠠᠯᠡᠬᠤ ᠶᠡᠷᠦᠩᠬᠡᠶ ᠭᠠᠵᠠᠷ ᠮᠡᠳᠡᠭᠡᠯᠡᠯ᠎ᠡ᠃ ᠵᠢᠭᠤᠯᠴᠢᠳ ᠤᠨ ᠳᠡᠶᠢᠯᠦᠩᠬᠢ ᠨᠢ ᠣᠷᠣᠰ᠂ ᠬᠢᠲᠠᠳ ᠂ ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠤᠨ ᠢᠷᠭᠡᠳ ᠪᠠᠶᠢᠵᠠᠢ᠃
ᠰᠲ᠋ᠠᠲ᠋ᠢᠰᠲ᠋ᠢᠺ ᠮᠡᠳᠡᠭᠡᠯᠡᠯ ᠢᠶᠠᠷ ᠵᠥᠪᠬᠡᠨ ᠭᠤᠷᠪᠠᠳᠤᠭᠠᠷ ᠰᠠᠷ᠎ᠠ ᠳᠤ ᠯᠡ ᠭᠡᠬᠦ ᠳᠤ 34 ᠮᠢᠩᠭ᠎ᠠ ᠭᠠᠷᠦᠢ ᠵᠢᠭᠤᠯᠴᠢᠨ ᠮᠣᠩᠭᠤᠯ ᠤᠯᠤᠰ ᠲᠤ ᠢᠷᠡᠭᠰᠡᠨ ᠪᠠᠶᠢᠨ᠎ᠡ᠃ ᠤᠯᠠᠭᠠᠨᠪᠠᠭᠠᠲᠤᠷ ᠬᠤᠲᠠ ᠶᠢᠨ ᠣᠶᠢᠷᠠᠯᠴᠠᠭ᠎ᠠ ᠵᠣᠬᠢᠶᠠᠨ ᠪᠠᠢᠭᠤᠯᠤᠭᠳᠠᠳᠠᠭ︽ᠪᠦᠷᠭᠦᠳ ᠤᠨ ᠪᠡᠶᠡᠷ︾ ᠲᠤ ᠡᠨᠡ ᠣᠨ ᠳᠤ 10 ᠮᠢᠩᠭ᠎ᠠ ᠣᠷᠴᠢᠮ ᠵᠤᠴᠢᠠ ᠢᠷᠡᠭᠰᠡᠨ ᠪᠠ︽ᠬᠥᠬᠡ ᠰᠤᠪᠤᠳ︾ᠮᠥᠰᠥᠨ ᠤ ᠪᠠᠶᠠᠷ ᠲᠤ ᠨᠡᠶᠢᠲᠡ 20 ᠮᠢᠩᠭᠠᠨ ᠠᠶᠠᠯᠠᠭᠴᠢ ᠣᠷᠣᠯᠴᠠᠭᠰᠠᠨ ᠤ ᠳᠣᠲᠣᠷ᠎ᠠ 10 ᠤᠯᠤᠰ ᠤᠨ 280 ᠣᠷᠴᠢᠮ ᠭᠠᠳᠠᠭᠠᠳᠤ ᠶᠢᠨ ᠵᠢᠭᠤᠯᠴᠢᠨ ᠪᠠᠶᠢᠭᠰᠠᠨ ᠭᠡᠵᠦ ᠬᠥᠪᠰᠥᠬᠦᠯ ᠠᠶᠢᠮᠠᠭ ᠤᠨ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠭᠠᠵᠠᠷ ᠮᠡᠳᠡᠭᠡᠯᠡᠪᠡ᠃