ᠬᠠᠲᠠᠵᠤ ᠰᠢᠷᠭᠢᠵᠦ ᠪᠠᠶᠢᠭᠰᠠᠨ ᠭᠠᠨᠭ᠍ᠭ᠎ᠠ ᠨᠠᠭᠤᠷ ᠤᠨ ᠤᠰᠤᠨ ᠤ ᠲᠦᠪᠰᠢᠠ ᠨᠡᠮᠡᠭᠳᠡᠵᠡᠢ | News.MN

ᠬᠠᠲᠠᠵᠤ ᠰᠢᠷᠭᠢᠵᠦ ᠪᠠᠶᠢᠭᠰᠠᠨ ᠭᠠᠨᠭ᠍ᠭ᠎ᠠ ᠨᠠᠭᠤᠷ ᠤᠨ ᠤᠰᠤᠨ ᠤ ᠲᠦᠪᠰᠢᠠ ᠨᠡᠮᠡᠭᠳᠡᠵᠡᠢ

ᠳᠠᠷᠢᠭᠠᠩᠭ᠎ᠠ ᠶᠢᠨ ᠪᠠᠶᠢᠭᠠᠯᠢ ᠶᠢᠨ ᠴᠣᠭᠴᠠᠯᠠᠪᠤᠷᠢ ᠭᠠᠵᠠᠷ ᠤᠨ ᠠᠶᠠᠯᠠᠯ ᠵᠢᠭᠤᠯᠴᠢᠯᠠᠯ ᠤᠨ ᠪᠦᠰᠡ ᠳᠤ ᠪᠠᠶᠢᠷᠢᠯᠠᠬᠤ ᠭᠠᠨᠭ᠍ᠭ᠎ᠠ ᠨᠠᠭᠤᠷ ᠤᠨ 70-80 ᠬᠤᠪᠢ ᠨᠢ 2016-2017 ᠣᠨ ᠳᠤ ᠰᠢᠷᠭᠢᠵᠡᠢ᠃ ᠭᠠᠨᠭ᠍ᠭ᠎ᠠ ᠨᠠᠭᠤᠷ ᠲᠤ ᠵᠢᠯ ᠪᠦᠷᠢ ᠣᠯᠠᠨ ᠲᠣᠭᠠᠨ ᠤ ᠰᠢᠪᠠᠭᠤᠳ ᠢᠷᠡᠳᠡᠭ᠂ ᠢᠯᠠᠩᠭᠤᠶ᠎ᠠ ᠬᠤᠨ ᠤ ᠴᠢᠭᠤᠯᠭᠠᠨ ᠪᠣᠯᠳᠠᠭ ᠢᠶᠠᠷ ᠢᠶᠠᠨ ᠠᠯᠳᠠᠷᠲᠠᠶ᠃
2017 ᠣᠨ ᠤ ᠨᠠᠢᠮᠠᠳᠤᠭᠠᠷ ᠰᠠᠷ᠎ᠠ ᠳᠤ ᠭᠠᠨᠭ᠍ᠭ᠎ᠠ ᠨᠠᠭᠤᠷ ᠤᠨ 95 ᠬᠤᠪᠢ ᠨᠢ ᠤᠰᠤ ᠦᠭᠡᠶ ᠪᠣᠯᠵᠤ᠂ ᠬᠠᠲᠠᠵᠤ ᠰᠢᠷᠭᠢᠬᠦ ᠳᠤ ᠠᠭᠤᠷ ᠠᠮᠢᠰᠬᠤᠯ ᠤᠨ ᠥᠭᠡᠷᠡᠴᠢᠯᠡᠯᠲᠡ᠂ ᠮᠠᠯ ᠤᠨ ᠬᠥᠯ᠂ ᠰᠠᠯᠬᠢ ᠰᠢᠷᠤᠢ ᠶᠢᠨ ᠰᠢᠭᠤᠷᠭ᠎ᠠ ᠬᠦᠴᠦᠲᠡᠢ ᠨᠥᠯᠥᠭᠡᠯᠡᠭᠰᠡᠨ ᠭᠡᠵᠦ ᠨᠤᠲᠤᠭ ᠤᠨ ᠢᠷᠭᠡᠳ᠂ ᠰᠤᠳᠤᠯᠤᠭᠠᠴᠢᠳ ᠦᠵᠡᠳᠡᠭ᠃

ᠲᠡᠶᠢᠮᠦ ᠠᠴᠠ ᠵᠠᠰᠠᠭ ᠤᠨ ᠭᠠᠵᠠᠷ ᠠᠴᠠ ᠭᠠᠨᠭ᠍ᠭ᠎ᠠ ᠨᠠᠭᠤᠷ ᠤᠨ ᠤᠷᠤᠰᠴᠠ ᠶᠢ ᠰᠠᠶᠢᠵᠢᠷᠠᠭᠤᠯᠬᠤ᠂ ᠰᠢᠷᠭᠢᠬᠦ ᠠᠴᠠ ᠬᠠᠮᠡᠭᠠᠯᠡᠬᠤ ᠠᠵᠢᠯ ᠢ ᠡᠬᠢᠯᠡᠭᠦᠯᠵᠦ᠂ Gene 1᠂ Gene 2 ᠭᠡᠬᠦ ᠳᠠᠷᠤᠯᠲᠠ ᠲᠠᠢ ᠬᠤᠳᠳᠤᠭ ᠭᠠᠷᠭᠠᠵᠤ᠂ ᠪᠤᠷᠤᠭᠠᠨ ᠣᠷᠣᠬᠤ ᠦᠭᠡᠢ ᠦᠶ᠎ᠡ ᠳᠤ  ᠬᠤᠳᠳᠤᠭ ᠤᠨ ᠤᠰᠤ ᠪᠠᠷ ᠲᠡᠵᠢᠭᠡᠬᠦ ᠪᠣᠯᠣᠮᠵᠢ ᠪᠦᠷᠢᠳᠦᠭᠦᠯᠦᠭᠰᠡᠨ᠃ ᠮᠦᠠ ᠭᠠᠨᠭ᠍ᠭ᠎ᠠ ᠨᠠᠭᠤᠷ ᠤᠨ ᠡᠷᠭᠢ ᠳᠠᠭᠠᠤ 17 ᠺᠢᠯᠣᠮᠧᠲᠷ ᠬᠠᠰᠢᠶ᠎ᠠ ᠪᠠᠷᠢᠵᠤ᠂ ᠮᠠᠯ ᠣᠷᠣᠬᠤ ᠪᠠᠷ ᠦᠭᠡᠢ ᠪᠤᠯᠭᠠᠭᠰᠠᠨ ᠪᠠᠶᠢᠨ᠎ᠡ᠃ ᠡᠳᠡᠭᠡᠷ ᠠᠵᠢᠯ ᠤᠨ ᠦᠷ᠎ᠡ ᠳ᠋ᠦᠩ ᠳᠤ ᠨᠠᠭᠤᠷ ᠤᠨ ᠤᠰᠤᠨ ᠤ ᠭᠡᠮᠵᠢᠶ᠎ᠠ ᠣᠯᠠᠨ ᠵᠢᠯ ᠤᠨ ᠳᠤᠮᠳᠠᠴᠢ ᠠᠴᠠ ᠨᠡᠮᠡᠭᠳᠡᠵᠦ᠂ ᠵᠢᠯ ᠪᠦᠷᠢ ᠢᠷᠡᠬᠦ ᠰᠢᠪᠠᠭᠤᠳ ᠤᠨ ᠲᠤᠭ᠎ᠠ ᠨᠡᠮᠡᠭᠳᠡᠵᠦ᠂ ᠭᠠᠨᠭ᠍ᠭ᠎ᠠ ᠨᠠᠭᠤᠷ ᠤᠨ ᠡᠺᠤ ᠰᠢᠰᠲ᠋ᠧᠮ ᠰᠡᠷᠭᠦᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ