ᠮ᠊∙ᠡᠩᠬᠡᠵᠢᠷᠭᠠᠯ᠂ ᠯ᠊·ᠠᠯᠲᠠᠨᠴᠡᠴᠡᠭ ᠮᠥᠩᠭᠦᠨ ᠮᠧᠳᠠᠯ ᠤᠨ ᠲᠥᠯᠥᠭᠡ ᠲᠤᠯᠤᠯᠳᠤᠨ᠎ᠠ | News.MN

ᠮ᠊∙ᠡᠩᠬᠡᠵᠢᠷᠭᠠᠯ᠂ ᠯ᠊·ᠠᠯᠲᠠᠨᠴᠡᠴᠡᠭ ᠮᠥᠩᠭᠦᠨ ᠮᠧᠳᠠᠯ ᠤᠨ ᠲᠥᠯᠥᠭᠡ ᠲᠤᠯᠤᠯᠳᠤᠨ᠎ᠠ

ᠡᠮᠡᠭᠳᠡᠢ ᠪᠤᠺᠰᠴᠢᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠠᠴᠠ ᠮᠣᠩᠭᠣᠯ ᠤᠨ ᠪᠠᠭ ᠬᠤᠶᠠᠳᠠᠬᠢ ᠮᠧᠲᠠᠯ ᠢᠶᠠᠨ ᠠᠪᠤᠯ᠎ᠠ᠃ 54 ᠺᠢᠯᠣᠭ᠍ᠷᠠᠮ ᠳᠤ ᠵᠠᠯᠠᠭᠤᠴᠤᠳ ᠤᠨ ᠠᠽᠢᠶ᠎ᠠ ᠶᠢᠨ ᠠᠪᠤᠷᠭᠤ ᠮ᠊ ∙ ᠡᠩᠬᠡᠵᠢᠷᠭᠠᠯ ᠥᠷᠢᠰᠦᠯᠳᠦᠭᠴᠢ ᠢᠲ᠋ᠠᠯᠢ ᠶᠢᠨ  ᠲᠠᠮᠢᠷᠴᠢᠨ ᠢ 5:0  ᠢᠶᠠᠷ ᠢᠯᠠᠵᠤ᠂ ᠬᠦᠷᠡᠯ ᠮᠧᠳᠠᠯ ᠤᠨ ᠪᠣᠯᠵᠤᠯ ᠬᠠᠩᠭᠠᠯ᠎ᠠ᠃
ᠡᠭᠦᠨ ᠠᠴᠠ ᠡᠮᠦᠨ᠎ᠡ ᠯ᠊ · ᠠᠯᠲᠠᠨᠴᠡᠴᠡᠭ ᠮᠦᠠ ᠮᠧᠳᠠᠯ ᠤᠨ ᠪᠣᠯᠵᠤᠯ ᠬᠠᠩᠭᠠᠭᠠᠳ ᠪᠠᠶᠢᠭᠰᠠᠨ ᠶᠤᠮ᠃ ᠥᠨᠥᠳᠥᠷ ᠮᠠᠨ ᠤ ᠬᠤᠶᠠᠷ ᠪᠣᠻᠰᠴᠢᠨ ᠮᠧᠳᠠᠯ ᠤᠨ ᠥᠩᠭᠡ ᠪᠠᠨ ᠥᠭᠡᠷᠡᠴᠢᠯᠡᠬᠦ ᠲᠤᠩ ᠴᠢᠬᠤᠯᠠ ᠲᠤᠯᠤᠭᠠᠨ ᠢ ᠬᠢᠨ᠎ᠡ᠃ ᠡᠮᠡᠭᠲᠡᠶᠢᠴᠦᠳ ᠤᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ  ᠡᠨᠡ ᠵᠢᠯ 75 ᠣᠷᠣᠨ ᠤ 376 ᠲᠠᠮᠢᠷᠴᠢᠨ ᠣᠷᠣᠯᠴᠠᠭᠰᠠᠨ ᠠᠴᠠ 19 ᠤᠯᠤᠰ ᠤᠨ ᠲᠠᠮᠢᠷᠴᠢᠳ ᠮᠧᠳᠠᠯ ᠬᠦᠷᠲᠡᠭᠡᠳ ᠪᠠᠶᠢᠨ᠎ᠡ᠃

ᠰᠡᠳᠬᠢᠭᠳᠡᠯ ᠦᠯᠡᠳᠡᠭᠡᠬᠦ