ᠨᠣᠯᠤᠤᠷ ᠤᠨ ᠳᠠᠭᠤᠳᠠᠯᠭ᠎ᠠ ᠬᠤᠳᠠᠯᠳᠤᠭ᠎ᠠ ᠶᠢ ᠡᠬᠢᠯᠡᠭᠦᠯᠦᠨ᠎ᠡ | News.MN

ᠨᠣᠯᠤᠤᠷ ᠤᠨ ᠳᠠᠭᠤᠳᠠᠯᠭ᠎ᠠ ᠬᠤᠳᠠᠯᠳᠤᠭ᠎ᠠ ᠶᠢ ᠡᠬᠢᠯᠡᠭᠦᠯᠦᠨ᠎ᠡ

ᠬᠥᠳᠡᠭᠡ ᠠᠵᠤ ᠠᠬᠤᠢ ᠶᠢᠨ ᠪᠢᠷᠵᠢ ᠨᠢ ᠨᠣᠯᠤᠤᠷ ᠤᠨ ᠳᠠᠭᠤᠳᠠᠯᠭ᠎ᠠ ᠬᠤᠳᠠᠯᠳᠤᠭ᠎ᠠ ᠶᠢ ᠡᠨᠡ ᠰᠠᠷ᠎ᠠ ᠶᠢᠨ ᠰᠡᠭᠦᠯ ᠢᠶᠠᠷ ᠵᠡᠭᠦᠨ ᠪᠦᠰᠡ ᠶᠢᠨ ᠠᠶᠢᠮᠠᠭ ᠤᠳ ᠠᠴᠠ ᠡᠬᠢᠯᠡᠨ ᠵᠣᠬᠢᠶᠠᠨ ᠪᠠᠶᠢᠭᠤᠯᠤᠨ᠎ᠠ᠃ ᠬᠠᠮᠤᠬ ᠤᠨ ᠲᠦᠷᠦᠭᠦᠨ ᠳᠤ ᠳᠣᠷᠣᠨᠠᠲᠤ ᠠᠶᠢᠮᠠᠭ ᠲᠤ 3 ᠳ᠋ᠤᠭᠠᠷ ᠰᠠᠷ᠎ᠠ ᠶᠢᠨ 27-31 ᠳᠤ᠂ ᠬᠡᠨᠲᠡᠢ ᠠᠶᠢᠮᠠᠭ ᠲᠤ 27-31  ᠳᠤ᠂ ᠰᠦᠬᠡᠪᠠᠭᠠᠲᠤᠷ ᠠᠶᠢᠮᠠᠭ ᠲᠤ ᠳᠦᠷᠪᠡᠳᠦᠭᠡᠷ ᠰᠠᠷ᠎ᠠ ᠶᠢᠨ 3-7  ᠳᠤ ᠵᠣᠬᠢᠶᠠᠨ ᠪᠠᠶᠢᠭᠤᠯᠬᠤ ᠪᠠᠷ ᠲᠦᠯᠦᠪᠯᠡᠵᠡᠢ᠃

ᠨᠣᠯᠤᠤᠷ ᠤᠨ ᠳᠠᠭᠤᠳᠠᠯᠭ᠎ᠠ ᠬᠤᠳᠠᠯᠳᠤᠭ᠎ᠠ ᠵᠣᠬᠢᠶᠠᠨ ᠪᠠᠶᠢᠭᠤᠯᠤᠭᠰᠠᠨ ᠢᠶᠠᠷ ᠮᠠᠯᠴᠢᠳ᠂ ᠬᠤᠷᠰᠢᠶᠠᠳ ᠨᠤᠯᠤᠤᠷ ᠢᠶᠠᠨ ᠵᠠᠬ᠎ᠠ ᠵᠡᠭᠡᠯᠢ ᠶᠢᠨ ᠪᠣᠳᠠᠲᠤ ᠦᠨ᠎ᠡ ᠬᠠᠩᠰᠢ ᠪᠠᠷ ᠪᠣᠷᠣᠯᠠᠭᠤᠯᠬᠤ᠂ ᠬᠤᠳᠠᠯᠳᠤᠨ ᠠᠪᠤᠭᠴᠢᠳ ᠲᠤ ᠨᠢᠭᠡ ᠳᠣᠣᠷ᠎ᠠ ᠠᠴᠠ ᠬᠤᠳᠠᠯᠳᠤᠨ ᠠᠪᠬᠤ ᠨᠥᠬᠦᠴᠡᠯ ᠪᠦᠷᠢᠳᠦᠭᠦᠯᠦᠨ᠎ᠡ᠃ ᠨᠢᠭᠡ ᠡᠷᠦᠬᠡ ᠶᠢᠨ ᠨᠣᠯᠤᠤᠷ ᠤᠨ ᠭᠡᠮᠵᠢᠶ᠎ᠠ ᠳᠠᠭᠤᠳᠠᠯᠭ᠎ᠠ ᠬᠤᠳᠠᠯᠳᠤᠭᠠᠨ ᠳᠤ ᠤᠷᠦᠯᠴᠡᠬᠤ ᠳᠣᠤᠷᠠᠳᠤ ᠬᠡᠮᠵᠢᠶᠡᠨ ᠳᠤ ᠬᠦᠷᠬᠦ ᠦᠭᠡᠢ ᠪᠣᠯ ᠮᠠᠯᠴᠢᠳ ᠬᠤᠷᠰᠢᠵᠤ᠂ ᠬᠠᠮᠲᠤᠷᠠᠵᠤ ᠤᠷᠦᠯᠴᠡᠬᠤ ᠪᠣᠯᠣᠮᠵᠢ ᠲᠠᠢ᠃

ᠰᠡᠳᠬᠢᠭᠳᠡᠯ ᠦᠯᠡᠳᠡᠭᠡᠬᠦ