ᠯ᠊ · ᠠᠯᠲᠠᠨᠴᠡᠴᠡᠭ  ᠮᠥᠩᠭᠦᠨ ᠮᠧᠳᠠᠯ ᠬᠦᠷᠲᠡᠯ᠎ᠡ | News.MN

 ᠯ᠊ · ᠠᠯᠲᠠᠨᠴᠡᠴᠡᠭ  ᠮᠥᠩᠭᠦᠨ ᠮᠧᠳᠠᠯ ᠬᠦᠷᠲᠡᠯ᠎ᠡ

︽ᠬᠢᠯᠢᠴᠢᠨ︾ᠰᠫᠣᠷᠲ ᠬᠤᠷᠢᠶᠠᠨ ᠤ ᠲᠠᠮᠢᠷᠴᠢᠨ ᠯᠤᠲᠤᠰᠠᠢᠬᠠᠨ ᠤ ᠠᠯᠲᠠᠨᠴᠡᠴᠡᠭ ᠡᠨᠡᠳᠬᠡᠭ ᠤᠨ ᠳ᠋ᠧᠯᠢ ᠬᠤᠲᠠᠨ᠎ᠠ ᠦᠷᠭᠦᠯᠵᠢᠯᠡᠵᠦ ᠪᠤᠶ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠠᠴᠠ ᠮᠥᠩᠭᠦᠨ ᠮᠧᠳᠠᠯ ᠬᠦᠷᠲᠡᠵᠦ᠂ ᠡᠮᠡᠭᠳᠡᠢ ᠪᠤᠺᠰᠴᠢᠳ ᠤᠨ ᠲᠡᠦᠬᠡᠨ ᠳᠠᠬᠢ ᠤᠷᠬᠢᠯ ᠠᠮᠵᠢᠯᠲᠠ ᠶᠢᠨ ᠡᠵᠡᠨ ᠪᠣᠯᠣᠯ᠎ᠠ᠃ ᠮᠠᠨ ᠤ ᠲᠠᠮᠢᠷᠴᠢᠨ ᠹᠷᠠᠨᠼᠢ᠂  ᠬᠢᠲᠠᠳ᠂ ᠦᠽᠪᠧᠺᠰᠲ᠋ᠠᠨ᠂ ᠮᠠᠷᠤᠺᠺᠤ| ᠶᠢᠨ ᠲᠠᠮᠢᠷᠴᠢᠳ ᠢ ᠳᠠᠷᠠᠭᠠᠯᠠᠨ 5:0  ᠢᠶᠠᠷ ᠢᠯᠠᠵᠤ᠂ ᠠᠪᠤᠷᠭᠤ ᠶᠢᠨ ᠲᠥᠯᠥᠭᠡ ᠥᠷᠢᠰᠦᠯᠳᠦᠬᠦ ᠪᠠᠷ ᠰᠢᠯᠭᠠᠷᠠᠭᠰᠠᠨ᠃
ᠲᠡᠭᠦᠨ ᠤ ᠥᠷᠢᠰᠦᠯᠳᠦᠭᠴᠢ ᠨᠢ ᠡᠵᠡᠨ ᠣᠷᠣᠨ ᠤ ᠪᠣᠻᠰᠴᠢᠨ᠂ ᠵᠠᠯᠠᠭᠤᠴᠤᠳ ᠤᠨ ᠳᠡᠯᠡᠬᠡᠢ ᠶᠢᠨ ᠬᠤᠱᠣᠢ ᠠᠪᠤᠷᠭᠤ᠂ ᠬᠠᠮᠲᠤ ᠶᠢᠨ ᠨᠥᠬᠦᠷᠯᠡᠯ ᠤᠨ ᠣᠷᠣᠨ ᠨᠤᠭᠤᠳ ᠤᠨ ᠨᠠᠭᠠᠳᠤᠮ ᠤᠨ ᠠᠪᠤᠷᠭᠤ  ᠨᠢᠲ᠋ᠤ᠋ ᠭᠠᠩᠭᠠᠰ ᠪᠠᠶᠢᠪᠠ᠃ ᠲᠤᠯᠤᠭᠠᠨ ᠡᠩ ᠲᠡᠩᠴᠡᠭᠦᠬᠡᠨ ᠥᠷᠨᠢᠭᠰᠡᠨ ᠪᠥᠭᠡᠳ ᠭᠤᠷᠪᠠᠨ ᠦᠶ᠎ᠡ ᠶᠢᠨ ᠲᠤᠯᠤᠭᠠᠨ ᠤ ᠳᠠᠷᠠᠭ᠎ᠠ ᠰᠢᠭᠦᠭᠴᠢᠳ ᠡᠵᠡᠨ ᠣᠷᠣᠨ ᠤ ᠪᠣᠻᠰᠴᠢᠨ ᠳᠤ ᠢᠯᠠᠯᠲᠠ ᠶᠢ ᠥᠭᠭᠦᠭᠰᠡᠨ ᠶᠤᠮ᠃ ᠡᠶᠢᠨ ᠬᠦ ᠮᠣᠩᠭᠣᠯ ᠤᠨ ᠪᠠᠭ ᠡᠨᠡ ᠤᠳᠠᠭ᠎ᠠ ᠶᠢᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠮᠦᠡᠭᠬᠦ᠂ ᠬᠦᠷᠡᠯ ᠮᠧᠳᠠᠯ ᠬᠦᠷᠲᠡᠭᠰᠡᠨ ᠠᠮᠵᠢᠯᠲᠠ ᠪᠠᠷ ᠦᠨᠳᠦᠷᠯᠡᠭᠦᠯᠪᠡ᠃

ᠰᠡᠳᠬᠢᠭᠳᠡᠯ ᠦᠯᠡᠳᠡᠭᠡᠬᠦ