ᠺᠠᠽᠠᠭ ᠤᠭᠰᠠᠭᠠᠲᠠᠨ ᠤ ᠶᠢᠰᠦᠨ ᠬᠤᠪᠢ ᠨᠢ ᠤᠯᠠᠭᠠᠨᠪᠠᠭᠠᠲᠤᠷ ᠲᠤ ᠠᠮᠢᠳᠤᠷᠠᠳᠠᠭ | News.MN

ᠺᠠᠽᠠᠭ ᠤᠭᠰᠠᠭᠠᠲᠠᠨ ᠤ ᠶᠢᠰᠦᠨ ᠬᠤᠪᠢ ᠨᠢ ᠤᠯᠠᠭᠠᠨᠪᠠᠭᠠᠲᠤᠷ ᠲᠤ ᠠᠮᠢᠳᠤᠷᠠᠳᠠᠭ

ᠥᠨᠥᠳᠥᠷ ᠨᠠᠷᠠᠨ ᠤ ᠪᠡᠶᠡᠷ – ᠨᠠᠤᠷᠢᠽ ᠤᠨ ᠪᠡᠶᠡᠷ ᠲᠣᠬᠢᠶᠠᠵᠤ ᠪᠠᠶᠢᠨ᠎ᠡ᠃ ᠮᠣᠩᠭᠤᠯ ᠤᠯᠤᠰ ᠤᠨ ᠺᠠᠽᠠᠭ ᠲᠦᠮᠡᠨ ᠤ ᠲᠠᠯ᠎ᠠ ᠪᠠᠷ ᠦᠨᠳᠦᠰᠦᠨ ᠤ ᠰᠲ᠋ᠠᠲ᠋ᠢᠰᠲ᠋ᠢᠺ ᠤᠨ ᠬᠤᠷᠢᠶᠠᠨ ᠠᠴᠠ ᠲᠡᠷᠡᠭᠠᠬᠢ ᠲᠤᠭ᠎ᠠ ᠪᠠᠷᠢᠮᠲᠠ ᠶᠢ ᠭᠠᠷᠭᠠᠵᠠᠢ᠃ ᠺᠠᠽᠠᠭ ᠤᠭᠰᠠᠭᠠᠲᠠᠨ ᠤ ᠨᠡᠶᠢᠲᠡ ᠬᠥᠮᠦᠨ ᠠᠮᠢᠳᠦ ᠡᠵᠡᠯᠡᠬᠦ ᠬᠤᠪᠢ ᠨᠢ 4 ᠪᠥᠭᠡᠳ 77 ᠬᠤᠪᠢ ᠨᠢ ᠪᠠᠶᠠᠨ ᠥᠯᠥᠭᠡᠶ ᠠᠶᠢᠮᠠᠭ ᠲᠤ᠂ 9 ᠬᠤᠪᠢ ᠨᠢ ᠤᠯᠠᠭᠠᠨᠪᠠᠭᠠᠲᠤᠷ ᠬᠤᠲᠠ ᠳᠤ᠂ 8.5 ᠬᠤᠪᠢ ᠨᠢ ᠬᠤᠪᠳᠤ ᠠᠶᠢᠮᠠᠭ ᠲᠤ᠂ 2.2 ᠬᠤᠪᠢ ᠨᠢ ᠳᠠᠷᠬᠠᠨ  ᠠᠭᠤᠯᠠ ᠠᠶᠢᠮᠠᠭ ᠲᠤ᠂ ᠦᠯᠡᠳᠡᠭᠰᠡᠨ 3.3 ᠬᠤᠪᠢ ᠨᠢ ᠪᠤᠰᠤᠳ ᠠᠶᠢᠮᠠᠭ ᠲᠤ ᠠᠮᠢᠳᠤᠷᠠᠵᠤ ᠪᠠᠶᠢᠨ᠎ᠡ᠃
ᠨᠠᠰᠤᠨ ᠤ ᠪᠦᠯᠦᠭ ᠢᠶᠠᠷ ᠦᠵᠡᠪᠡᠯ 0-14 ᠨᠠᠰᠤᠨ ᠤ ᠬᠡᠦᠬᠡᠳ ᠤᠳ ᠬᠠᠮᠤᠬ ᠤᠨ ᠶᠡᠭᠡ ᠪᠤᠶᠤ 34.5 ᠬᠤᠪᠢ ᠶᠢ ᠡᠵᠡᠯᠡᠵᠦ ᠪᠠᠶᠢᠭ᠎ᠠ ᠪᠣᠯ 45-54 ᠨᠠᠰᠤᠨ ᠤ ᠬᠢᠨ 9.1 ᠬᠤᠪᠢ ᠪᠤᠶᠤ ᠬᠠᠮᠤᠬ ᠤᠨ ᠪᠠᠭ᠎ᠠ ᠬᠤᠪᠢ ᠶᠢ ᠡᠵᠡᠯᠡᠵᠦ ᠪᠠᠶᠢᠨ᠎ᠡ᠃ ᠲᠡᠭᠦᠨᠴᠢᠯᠡᠨ ᠠᠢᠳᠠᠨᠠ᠂ ᠠᠢᠨᠤᠷ᠂  ᠠᠮᠢᠨᠠ ᠵᠡᠷᠭᠡ ᠨᠡᠷᠡᠰ ᠬᠠᠮᠤᠬ ᠤᠨ ᠲᠦᠭᠡᠮᠡᠯ ᠪᠠᠶᠢᠨ᠎ᠡ᠃

ᠰᠡᠳᠬᠢᠭᠳᠡᠯ ᠦᠯᠡᠳᠡᠭᠡᠬᠦ