ᠰᠤᠭᠲᠤᠭᠤ ᠪᠠᠷ ᠰᠤᠷᠠᠭ ᠦᠭᠡᠶ ᠪᠣᠯᠣᠭᠰᠠᠨ ᠮᠠᠯᠴᠢᠨ ᠢ ᠡᠷᠢᠨ ᠬᠠᠶᠢᠵᠤ ᠪᠠᠶᠢᠨ᠎ᠡ | News.MN

ᠰᠤᠭᠲᠤᠭᠤ ᠪᠠᠷ ᠰᠤᠷᠠᠭ ᠦᠭᠡᠶ ᠪᠣᠯᠣᠭᠰᠠᠨ ᠮᠠᠯᠴᠢᠨ ᠢ ᠡᠷᠢᠨ ᠬᠠᠶᠢᠵᠤ ᠪᠠᠶᠢᠨ᠎ᠡ

ᠰᠦᠬᠡᠪᠠᠭᠠᠲᠤᠷ ᠠᠶᠢᠮᠠᠭ ᠤᠨ ᠬᠠᠯᠵᠠᠨ ᠰᠤᠮᠤ ᠶᠢᠨ ᠬᠠᠲᠠᠪᠴᠢ ᠪᠠᠭ ᠤᠨ ᠮᠠᠯᠴᠢᠨ 22 ᠨᠠᠰᠤᠲᠠᠢ︽ ᠭᠡ︾ ᠨᠢ ᠡᠨᠡ ᠰᠠᠷ᠎ᠠ ᠶᠢᠨ 14   ᠤ ᠡᠳᠦᠷ ᠤᠨ 04:00 ᠴᠠᠭ ᠤᠨ ᠣᠷᠴᠢᠮ ᠳᠤ ᠮᠠᠯᠴᠢᠨ︽ ᠪᠠ︾ ᠶᠢᠨ ᠭᠡᠷ ᠡᠴᠡ ᠰᠣᠭᠲᠤᠭᠤ ᠪᠠᠷ ᠶᠠᠪᠠᠭᠠᠨ ᠢᠶᠠᠷ ᠭᠠᠷᠤᠭᠠᠳ ᠰᠤᠷᠠᠭ ᠦᠭᠡᠶ ᠠᠯᠠᠭ᠎ᠠ ᠪᠣᠯᠵᠠᠢ᠃
ᠡᠶᠢᠮᠦ ᠳᠤ ᠲᠤᠰ ᠠᠶᠢᠮᠠᠭ ᠤᠨ  ᠣᠨᠴᠠᠭᠠᠢ ᠪᠠᠶᠢᠳᠠᠯ ᠤᠨ ᠭᠠᠵᠠᠷ ᠤᠨ ᠡᠷᠢᠨ ᠬᠠᠶᠢᠬᠤ᠂ ᠠᠪᠦᠷᠡᠬᠤ ᠰᠠᠯᠪᠤᠷᠢ ᠶᠢᠨ ᠠᠯᠪᠠ ᠬᠠᠭᠠᠭᠴᠢᠳ ᠡᠷᠢᠯᠴᠢ ᠨᠣᠬᠠᠢ ᠲᠠᠢ᠂ ᠬᠠᠯᠵᠠᠨ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠠᠵᠢᠯᠲᠠᠳ᠂ ᠠᠷᠤ ᠭᠡᠷ ᠤᠨ ᠬᠢᠨ ᠤ ᠬᠠᠮᠲᠤ  ᠡᠷᠢᠨ ᠬᠠᠶᠢᠬᠤ ᠠᠵᠢᠯᠯᠠᠭ᠎ᠠ ᠶᠢ 03.15 ᠤ ᠡᠳᠦᠷ ᠤᠨ 07:00 ᠴᠠᠭ ᠠᠴᠠ 19:00 ᠴᠠᠬ ᠬᠦᠷᠳᠡᠯ᠎ᠠ  ᠲᠤᠰ ᠰᠤᠮᠤ ᠶᠢᠨ ᠲᠥᠪ ᠠᠴᠠ ᠤᠷᠲᠤ ᠵᠦᠭ ᠲᠤ︽ᠳᠥᠷᠪᠡᠯᠵᠢᠨ  ᠬᠥᠨᠳᠡᠢ︾᠂︽ᠠᠯᠲᠠᠲᠤ︾᠂︽ᠬᠤᠪᠢᠯᠭᠠᠨ ᠤ ᠡᠪᠦᠯᠵᠢᠶ᠎ᠡ︾᠂︽ᠡᠩᠭᠡᠷ ᠤᠨ ᠬᠥᠪ︾ᠭᠡᠳᠡᠭ ᠭᠠᠵᠠᠷ᠂ ᠰᠤᠮᠤ ᠶᠢᠨ ᠲᠥᠪ ᠠᠴᠠ ᠵᠡᠭᠦᠨ ᠵᠦᠭ ᠲᠤ︽ᠱᠠᠩᠳᠠ ᠶᠢᠨ ᠬᠤᠭᠤᠯᠠᠶ︾᠂︽ᠬᠠᠳᠠᠪᠴᠢ ᠶᠢᠨ ᠬᠠᠪᠴᠢᠯ︾᠂︽ᠰᠢᠨ᠎ᠡ ᠬᠤᠳᠳᠤᠭ ᠤᠨ  ᠬᠥᠨᠳᠡᠢ︾᠂︽ᠴᠡᠭ︾ᠭᠡᠳᠡᠭ ᠭᠠᠵᠠᠷ ᠬᠦᠷᠳᠡᠯ᠎ᠠ ᠨᠡᠶᠢᠲᠡ 180 ᠺᠢᠯᠣᠮᠧᠲᠷ ᠵᠠᠢ ᠳᠤ ᠡᠷᠢᠨ ᠬᠠᠶᠢᠬᠤ ᠠᠵᠢᠯᠯᠠᠭ᠎ᠠ ᠶᠢ ᠵᠣᠬᠢᠶᠠᠨ ᠪᠠᠶᠢᠭᠤᠯᠤᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ