ᠮᠣᠩᠭᠤᠯ ᠤᠯᠤᠰ ᠤᠨ ᠲᠥᠷᠦ ᠶᠢᠨ ᠰᠣᠶᠣᠷᠬᠠᠯᠲᠤ ᠨᠠᠶᠢᠷᠠᠭᠤᠯᠤᠭᠴᠢ ᠨ᠊ ·ᠨᠠᠷᠠᠨᠪᠠᠭᠠᠲᠤᠷ ᠤᠨ 1987-2022 ᠣᠨ ᠤ 76 ᠨᠡᠷ᠎ᠡ ᠶᠢᠨ 1211 ᠬᠠᠳᠠᠭᠠᠯᠠᠮᠵᠢ ᠶᠢᠨ ᠨᠢᠭᠡᠴᠢ ᠪᠦᠬᠦᠢ ᠬᠡᠷᠡᠯ ᠵᠢᠷᠤᠭ᠂ ᠳᠦᠷᠰᠦ ᠪᠢᠴᠢᠯᠭᠡ ᠶᠢᠨ ᠪᠠᠷᠢᠮᠲᠠ ᠶᠢ ᠦᠨᠳᠦᠰᠦᠨ ᠤ ᠲᠥᠪ ᠠᠷᠬᠢᠸ᠋ ᠰᠠᠩ ᠬᠥᠮᠦᠷᠭᠡ ᠳᠦ ᠪᠠᠨ ᠬᠦᠯᠢᠶᠡᠨ ᠠᠪᠤᠯ᠎ᠠ᠃
ᠨᠠᠶᠢᠷᠠᠭᠤᠯᠤᠭᠴᠢ ᠨ᠊ · ᠨᠠᠷᠠᠨᠪᠠᠭᠠᠲᠤᠷ ᠬᠡᠦᠬᠡᠳ ᠠᠬᠤᠶ ᠴᠠᠭ ᠠᠴᠠ ᠪᠠᠨ ᠲᠠᠶᠢᠰᠠ ᠳᠡᠯᠭᠡᠴᠡ ᠶᠢᠨ 100 ᠭᠠᠷᠦᠢ ᠪᠦᠲᠦᠭᠡᠯ ᠳᠤ ᠭᠤᠣᠯ ᠪᠤᠯᠦᠠ ᠲᠤᠰᠠᠯᠠᠬᠤ ᠳᠦᠷᠢ ᠪᠦᠲᠦᠭᠡᠵᠦ᠂ ᠲᠢᠶᠠᠲᠷ ᠤᠨ ᠲᠠᠶᠢᠵᠠᠨ᠎ᠠ ᠲᠡᠦᠬᠡᠨ᠂ ᠢᠨᠢᠶᠡᠳᠦᠮ ᠤᠨ᠂ ᠤᠶᠠᠩᠭ᠎ᠠ ᠶᠢᠨ᠂ ᠡᠮᠭᠡᠨᠢᠯᠲᠦ 40 ᠣᠷᠴᠢᠮ ᠵᠦᠴᠦᠭᠡ ᠨᠠᠶᠢᠷᠠᠭᠤᠯᠤᠭᠰᠠᠨ ᠶᠤᠮ᠃ ᠲᠡᠭᠦᠨ ᠦ ᠨᠠᠢᠷᠠᠭᠤᠯᠤᠭᠰᠠᠨ ᠤᠷᠠᠯᠢᠭ ᠤᠨ ᠪᠦᠲᠦᠭᠡᠯ ᠤᠳ ᠲᠠᠢ ᠬᠤᠯᠪᠦᠬᠳᠡᠬᠤ ᠪᠢᠴᠢᠯᠭᠡ᠂ ᠬᠡᠷᠡᠯ ᠵᠢᠷᠤᠭ᠂ ᠡᠬᠡ ᠵᠣᠬᠢᠶᠠᠯ ᠤᠨ ᠪᠢᠴᠢᠪᠦᠷᠢ᠂ ᠨᠠᠶᠢᠷᠠᠭᠤᠯᠤᠭᠴᠢ ᠶᠢᠨ ᠵᠤᠬᠢᠶᠡᠯ᠂ ᠵᠦᠴᠦᠭᠡᠴᠢᠳ ᠤᠨ ᠬᠤᠪᠴᠠᠰᠤ ᠬᠡᠷᠡᠭᠰᠡᠯ ᠤᠨ ᠡᠰᠻᠢᠽ᠂ ᠲᠠᠶᠢᠵᠠ ᠶᠢᠨ ᠵᠠᠭᠪᠤᠷ ᠵᠡᠷᠭᠡ ᠪᠠᠷᠢᠮᠲᠠ ᠨᠤᠭᠤᠳ ᠢ ᠡᠢᠨ ᠬᠦᠯᠢᠶᠡᠯᠭᠡᠨ ᠥᠭᠭᠦᠯ᠎ᠡ᠃