ᠪᠠᠶᠠᠨ ᠥᠯᠥᠭᠡᠢ ᠶᠢᠨ ᠬᠢᠨ︽ᠪᠦᠷᠭᠦᠳ︾ ᠢᠶᠠᠨ ᠤᠯᠠᠭᠠᠨᠪᠠᠭᠠᠲᠤᠷ ᠤᠨ ᠬᠢᠨ ᠳᠦ ᠲᠣᠯᠢᠯᠠᠭᠤᠯᠤᠯ᠎ᠠ | News.MN

 ᠪᠠᠶᠠᠨ ᠥᠯᠥᠭᠡᠢ ᠶᠢᠨ ᠬᠢᠨ︽ᠪᠦᠷᠭᠦᠳ︾ ᠢᠶᠠᠨ ᠤᠯᠠᠭᠠᠨᠪᠠᠭᠠᠲᠤᠷ ᠤᠨ ᠬᠢᠨ ᠳᠦ ᠲᠣᠯᠢᠯᠠᠭᠤᠯᠤᠯ᠎ᠠ

ᠪᠠᠶᠠᠨ ᠥᠯᠥᠭᠡᠶ ᠠᠶᠢᠮᠠᠭ ᠤᠨ ᠮ᠊∙ᠾᠤᠷᠮᠠᠨᠬᠠᠨ ᠤ ᠨᠡᠷᠡᠮᠵᠢᠲᠦ ᠬᠥᠭᠵᠢᠮᠲᠦ ᠳ᠋ᠷᠠᠮ ᠤᠨ ᠲᠢᠶᠠᠲᠷ ᠤᠨ ᠤᠷᠠᠨ ᠪᠦᠲᠦᠭᠡᠯᠴᠢᠳ ᠨᠠᠷᠠᠨ ᠤ ᠪᠡᠶᠡᠷ- ᠨᠠᠤᠷᠢᠽ  ᠤᠨ ᠪᠡᠶᠡᠷ᠂ ᠲᠥᠷᠦ ᠨᠡᠶᠢᠭᠡᠮ ᠤᠨ ᠵᠢᠳᠬᠦᠯᠲᠡᠨ ᠮ᠊∙ᠾᠤᠷᠮᠠᠨᠬᠠᠨ ᠤ ᠮᠡᠨᠳᠦᠯᠡᠭᠰᠡᠨ ᠤ 100 ᠵᠢᠯ ᠤᠨ ᠣᠢ ᠶᠢ ᠲᠣᠬᠢᠶᠠᠯᠳᠤᠭᠤᠯᠤᠨ ᠤᠯᠠᠭᠠᠨᠪᠠᠭᠠᠲᠤᠷ᠂ ᠡᠷᠳᠡᠨᠢᠲᠦ ᠬᠤᠳᠠ ᠪᠤᠯᠦᠠ ᠨᠡᠶᠢᠰᠯᠡᠯ ᠤᠨ ᠨᠠᠯᠠᠶᠢᠬᠤ ᠳᠡᠭᠦᠷᠭᠡ ᠳᠤ︽ᠪᠦᠷᠭᠦᠳ︾ᠳ᠋ᠷᠠᠮ ᠤᠨ ᠵᠦᠴᠦᠭᠡ ᠶᠢ ᠲᠣᠭᠯᠠᠯ᠎ᠠ᠃
ᠳ᠋ᠷᠠᠮ ᠤᠨ ᠵᠦᠴᠦᠭᠡ ᠶᠢ ᠵᠣᠬᠢᠶᠠᠯᠴᠢ ᠷ᠊ ·ᠱᠢᠨᠠᠢᠨ᠂ ᠤᠷᠠᠯᠢᠭ ᠤᠨ ᠭᠠᠪᠢᠶᠠᠲᠤ ᠵᠢᠳᠬᠦᠯᠲᠡᠨ ᠪ∙ᠠᠾᠲ᠋ᠠᠨ ᠤ︽ᠪᠦᠷᠭᠦᠳ︾ ᠨᠠᠶᠢᠷᠠᠭᠯᠠᠯ ᠠᠴᠠ ᠰᠡᠳᠦᠪᠯᠡᠨ ᠪᠢᠴᠢᠵᠡᠢ᠃ ᠺᠠᠽᠠᠭ ᠲᠦᠮᠡᠨ ᠤ ᠠᠬᠤᠶ ᠠᠮᠢᠳᠤᠷᠠᠯ ᠤᠨ ᠣᠨᠴᠠᠯᠢᠭ ᠢ ᠰᠢᠩᠭᠡᠭᠡᠭᠰᠡᠨ᠂ ᠰᠢᠪᠠᠭᠤᠴᠢᠯᠠᠬᠤᠢ ᠪᠤᠶᠤ ᠪᠦᠷᠭᠦᠳ ᠢᠶᠠᠷ ᠠᠩ ᠬᠢᠬᠦ ᠵᠠᠩ ᠦᠢᠯᠡ ᠶᠢ ᠢᠯᠡᠷᠬᠡᠶᠢᠯᠡᠨ ᠬᠠᠷᠠᠭᠤᠯᠤᠭᠰᠠᠨ ᠪᠦᠲᠦᠭᠡᠯ ᠪᠣᠯᠣᠭᠰᠠᠨ ᠶᠤᠮ᠃

ᠰᠡᠳᠬᠢᠭᠳᠡᠯ ᠦᠯᠡᠳᠡᠭᠡᠬᠦ