ᠠᠷᠠᠳ ᠤᠨ ᠤᠷᠠᠨ ᠵᠣᠬᠢᠶᠠᠯᠴᠢ ᠱ᠊ ·ᠰᠦᠷᠦᠩᠵᠠᠪ ᠤᠨ ᠨᠡᠷᠡᠮᠵᠢᠲᠦ︽ᠲᠡᠭᠷᠢ ᠶᠢᠨ ᠬᠦᠦ︾ᠢᠷᠠᠭᠤ ᠨᠠᠶᠢᠷᠠᠭ ᠤᠨ ᠤᠯᠤᠰ ᠤᠨ ᠬᠤᠶᠠᠳᠤᠭᠠᠷ ᠨᠠᠭᠠᠳᠤᠮ ᠵᠣᠬᠢᠶᠠᠨ ᠪᠠᠶᠢᠭᠤᠯᠤᠭᠳᠠᠯ᠎ᠠ᠃ ᠨᠠᠭᠠᠳᠤᠮ ᠳᠤ 300 ᠭᠠᠷᠦᠢ ᠢᠷᠠᠭᠤ ᠨᠠᠶᠢᠷᠠᠭᠴᠢ ᠪᠦᠷᠢᠳᠬᠡᠭᠦᠯᠵᠦ ᠣᠷᠣᠯᠴᠠᠭᠰᠠᠨ ᠠᠴᠠ ᠶᠦ᠊ · ᠪᠠᠶᠠᠨᠮᠥ᠋ᠩᠬᠡ᠂ ᠪ ∙ ᠪᠠᠲᠤᠴᠤᠤᠵᠢ᠂ ᠳ᠋᠊ · ᠡᠩᠬᠡᠪᠠᠶᠠᠷ᠂ ᠡ᠊ · ᠪᠤᠯᠠᠭᠠᠨ᠂ ᠳ᠋᠊ · ᠨᠢᠮ᠎ᠠ ᠨᠠᠷ ᠤᠨ ᠪᠦᠲᠦᠭᠡᠯ ᠢ ᠣᠨᠴᠠᠯᠠᠬᠤ ᠪᠦᠲᠦᠭᠡᠯ ᠢᠶᠠᠷ ᠰᠢᠯᠭᠠᠷᠠᠭᠤᠯᠵᠤ ᠱᠠᠩᠨᠠᠵᠤ᠂ ᠤᠷᠮᠠᠰᠢᠭᠤᠯᠤᠯ᠎ᠠ᠃
ᠲᠤᠰ ᠨᠠᠭᠠᠳᠤᠮ ᠢ ᠪᠠᠶᠠᠰᠬᠠᠵᠤ ᠣᠯᠠᠨ ᠣᠯᠠᠨ ᠠᠯᠳᠠᠷᠲᠠᠨ ᠲᠠᠶᠢᠵᠠᠨ᠎ᠠ ᠥᠪᠡᠷᠰᠡᠳ ᠤᠨ ᠪᠦᠲᠦᠭᠡᠯ ᠤᠨ ᠳᠡᠭᠡᠵᠢ ᠡᠴᠡ ᠪᠠᠨ ᠲᠤᠯᠢᠯᠠᠭᠤᠯᠬᠤ ᠶᠢᠨ ᠵᠡᠷᠭᠡᠴᠡᠭᠡ︽ᠥᠨᠢᠷ ᠪᠦᠯᠢ︾ᠲᠥᠪ ᠤᠨ ᠰᠤᠷᠤᠭᠴᠢ ᠬᠡᠦᠬᠡᠳ ᠤᠳ︽ᠪᠠᠭᠰᠢ︾ᠨᠠᠶᠢᠷᠠᠭᠯᠠᠯ᠂︽ᠶᠡᠷᠡᠨ ᠪᠠᠭᠠᠲᠤᠷ ᠤᠨ ᠳᠤᠤᠯᠢ︾᠂︽ᠲᠡᠭᠷᠢ ᠶᠢᠨ ᠬᠦᠦ︾ᠵᠡᠷᠭᠡ ᠨᠠᠶᠢᠷᠠᠭᠯᠠᠯ ᠢ ᠤᠩᠰᠢᠵᠤ ᠠᠮᠢᠯᠠᠭᠤᠯᠤᠭᠰᠠᠨ ᠪᠠᠶᠢᠨ᠎ᠡ᠃