ᠹᠷᠠᠨᠼᠢ ᠶᠢᠨ ᠴᠡᠩᠭᠡᠭᠦᠨ ᠳᠤ ᠮᠣᠩᠭᠣᠯ ᠤᠨ ᠤᠷᠠᠯᠢᠭ ᠡᠵᠡᠮᠰᠢᠭᠰᠡᠨ  ᠮᠢᠱᠧᠯ ᠠᠪᠷᠠᠬᠠᠮ ᠣᠷᠣᠯᠴᠠᠵᠤ ᠪᠠᠶᠢᠨ᠎ᠡ | News.MN

 ᠹᠷᠠᠨᠼᠢ ᠶᠢᠨ ᠴᠡᠩᠭᠡᠭᠦᠨ ᠳᠤ ᠮᠣᠩᠭᠣᠯ ᠤᠨ ᠤᠷᠠᠯᠢᠭ ᠡᠵᠡᠮᠰᠢᠭᠰᠡᠨ  ᠮᠢᠱᠧᠯ ᠠᠪᠷᠠᠬᠠᠮ ᠣᠷᠣᠯᠴᠠᠵᠤ ᠪᠠᠶᠢᠨ᠎ᠡ

ᠹᠷᠠᠨᠼᠢ ᠶᠢᠨ ᠬᠠᠮᠤᠬ ᠤᠨ ᠲᠣᠮᠤ ᠲᠧᠯᠸᠢᠰ TF 1   ᠶᠢᠨ︽The Voice – 2023︾ᠴᠡᠩᠭᠡᠭᠦᠨ ᠦ ᠰᠢᠯᠭᠠᠷᠠᠭᠤᠯᠤᠯᠲᠠ ᠳᠤ ᠮᠣᠩᠭᠤᠯ ᠠᠷᠠᠳ ᠤᠨ ᠢᠵᠡᠭᠤᠷ ᠤᠷᠠᠯᠢᠭ ᠤᠨ ᠲᠥᠷᠥᠯ ᠢᠶᠠᠷ ᠳᠠᠩᠨᠠᠨ ᠤᠷᠠᠨ ᠪᠦᠲᠦᠭᠡᠯ ᠢᠶᠠᠨ ᠲᠤᠭᠤᠷᠪᠢᠳᠠᠭ ᠮᠢᠱᠧᠯ ᠠᠪᠷᠠᠬᠠᠮ︵ Michel Abraham︶ᠣᠷᠣᠯᠴᠠᠵᠤ ᠪᠠᠶᠢᠨ᠎ᠡ᠃ ᠡᠨᠡ ᠵᠢᠯ  ᠲᠤᠰ ᠴᠡᠩᠭᠡᠭᠦᠨ  ᠳᠤ ᠹᠷᠠᠨᠼᠢ ᠶᠢᠨ 50 ᠮᠢᠩᠭ᠎ᠠ ᠭᠠᠷᠦᠢ ᠬᠥᠮᠦᠨ ᠪᠦᠷᠢᠳᠬᠡᠭᠦᠯᠦᠨ ᠣᠷᠣᠯᠴᠠᠭᠰᠠᠨ ᠠᠴᠠ ᠵᠠᠭᠤᠨ ᠠᠪᠢᠶᠠᠰᠲᠠᠨ ᠢ ᠰᠢᠯᠭᠠᠷᠠᠭᠤᠯᠤᠨ ᠠᠪᠴᠤ ᠦᠯᠡᠳᠡᠭᠡᠳ ᠪᠠᠶᠢᠨ᠎ᠡ᠃
ᠮᠢᠱᠧᠯ ᠠᠪᠷᠠᠬᠠᠮ 2011 ᠣᠨ ᠠᠴᠠ  ᠮᠣᠩᠭᠣᠯ ᠤᠨ ᠢᠵᠡᠭᠤᠷ ᠤᠷᠠᠯᠢᠭ ᠤᠨ URYA︵ ᠪᠠᠶᠢᠭᠠᠯᠢ ᠶᠢᠨ ᠳᠠᠭᠤᠳᠠᠯᠭ᠎ᠠ᠂ ᠤᠷᠢᠶ᠎ᠠ︶ ᠲᠥᠰᠥᠯ ᠢᠶᠠᠨ ᠡᠬᠢᠯᠡᠭᠦᠯᠵᠡᠢ᠃ ᠡᠨᠡ ᠬᠦᠷᠢᠶᠡᠨ ᠳᠤ ᠬᠦᠭᠡᠮᠢ᠂ ᠮᠤᠷᠢᠨ ᠬᠤᠭᠤᠷ᠂ ᠴᠤᠭᠤᠷ᠂ ᠯᠢᠩᠪᠦ ᠵᠡᠷᠭᠡ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ  ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠢᠭᠤᠯᠤᠯᠭ᠎ᠠ ᠶᠢᠨ ᠰᠣᠶᠤᠯ ᠤᠨ ᠥᠪ ᠲᠤ ᠪᠦᠷᠢᠳᠬᠡᠭᠳᠡᠭᠰᠡᠨ ᠬᠥᠭᠵᠢᠮ ᠤᠨ ᠵᠢᠮᠰᠡᠭ ᠤᠳ ᠪᠤᠯᠦᠠ ᠣᠷᠴᠢᠨ ᠦᠶ᠎ᠡ ᠶᠢᠨ ᠬᠥᠭᠵᠢᠮ ᠢ ᠬᠤᠣᠰᠯᠠᠭᠤᠯᠤᠨ ᠤᠷᠠᠨ ᠪᠦᠲᠦᠭᠡᠯ ᠢᠶᠠᠨ ᠲᠤᠭᠤᠷᠪᠢᠵᠤ ᠪᠤᠶ  ᠶᠤᠮ᠃

ᠰᠡᠳᠬᠢᠭᠳᠡᠯ ᠦᠯᠡᠳᠡᠭᠡᠬᠦ