ᠰᠢᠲᠠᠷ᠎ᠠ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠤᠯᠵᠤ ᠪᠠᠶᠢᠨ᠎ᠡ | News.MN

ᠰᠢᠲᠠᠷ᠎ᠠ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠤᠯᠵᠤ ᠪᠠᠶᠢᠨ᠎ᠡ

2023 ᠣᠨ ᠤ ᠨᠠᠰᠤᠨ ᠳᠤ ᠬᠦᠷᠦᠭᠰᠡᠳ ᠤᠨ ᠤᠯᠤᠰ ᠤᠨ ᠠᠪᠤᠷᠭᠤ ᠰᠢᠯᠭᠠᠷᠠᠭᠤᠯᠬᠤ ᠡᠷᠡᠭᠲᠡᠶᠢᠴᠦᠳ ᠤᠨ 61᠂ ᠡᠮᠡᠭᠲᠡᠶᠢᠴᠦᠳ ᠤᠨ 53 ᠳᠠᠬᠢ ᠤᠳᠠᠭ᠎ᠠ ᠶᠢᠨ ᠲᠡᠮᠡᠴᠡᠭᠡᠨ ᠤ ᠬᠠᠭᠠᠰ ᠰᠢᠭᠰᠢᠭᠡ ᠱᠠᠲᠤᠨ ᠤ ᠲᠡᠮᠡᠴᠡᠭᠡᠨ  ᠰᠦᠬᠡᠪᠠᠭᠠᠲᠤᠷ ᠳᠡᠭᠦᠷᠭᠡ ᠳᠤ ᠪᠠᠶᠢᠷᠢᠯᠠᠬᠤ︽ᠲᠦᠬᠦᠷᠡᠩ︾ᠲᠥᠪ ᠤᠨ ᠪᠠᠶᠢᠷᠢᠨ ᠳᠤ ᠥᠴᠥᠭᠡᠳᠦᠷ ᠡᠬᠢᠯᠡᠯ᠎ᠡ᠃

ᠲᠡᠮᠡᠴᠡᠭᠡᠨ 2023 ᠣᠨ ᠤ ᠭᠤᠷᠪᠠᠳᠤᠭᠠᠷ ᠰᠠᠷ᠎ᠠ ᠶᠢᠨ 14-19 ᠤ ᠡᠳᠦᠷ ᠤᠳ ᠲᠤ ᠵᠣᠬᠢᠶᠠᠨ ᠪᠠᠶᠢᠭᠤᠯᠤᠭᠳᠠᠬᠤ ᠪᠥᠭᠡᠳ  ᠰᠸᠢᠰ ᠰᠢᠰᠲ᠋ᠧᠮ ᠢᠶᠠᠷ ᠲᠣᠭᠯᠠᠨ᠎ᠠ᠃ ᠲᠡᠮᠡᠴᠡᠭᠡᠨ ᠤ ᠡᠷᠡᠭᠲᠡᠢ ᠠᠩᠭᠢᠯᠠᠯ ᠳᠤ 102᠂ ᠡᠮᠡᠭᠳᠡᠢ ᠠᠩᠭᠢᠯᠠᠯ ᠳᠤ 70 ᠰᠢᠲᠠᠷᠠᠴᠢᠨ ᠥᠷᠢᠰᠦᠯᠳᠦᠵᠦ ᠪᠠᠶᠢᠨ᠎ᠡ᠃

ᠠᠩᠭᠢᠯᠠᠯ ᠪᠦᠷᠢ ᠶᠢᠨ ᠡᠬᠢᠨ ᠤ 11 ᠪᠠᠶᠢᠷᠢ ᠶᠢ ᠡᠵᠡᠯᠡᠭᠰᠡᠨ ᠰᠢᠲᠠᠷᠠᠴᠢᠳ ᠰᠢᠭᠰᠢᠭᠡ ᠱᠠᠲᠤᠨ ᠳᠤ ᠰᠢᠯᠭᠠᠷᠠᠵᠤ᠂ ᠮᠣᠩᠭᠤᠯ ᠤᠯᠤᠰ ᠤᠨ ᠠᠪᠤᠷᠭᠤ ᠴᠣᠯᠠᠨ ᠤ ᠲᠥᠯᠥᠭᠡ ᠦᠷᠢᠰᠦᠯᠳᠦᠬᠦ ᠡᠷᠬᠡ ᠪᠠᠨ ᠠᠪᠬᠤ ᠶᠤᠮ᠃ ᠤᠯᠤᠰ ᠤᠨ ᠰᠢᠭᠦᠭᠴᠢ ᠮ᠊∙ᠭᠦᠨᠪᠠᠶᠠᠷ ᠢᠶᠠᠷ ᠠᠬᠠᠯᠠᠭᠤᠯᠤᠭᠰᠠᠨ  ᠰᠢᠭᠦᠭᠴᠢᠳ ᠤᠨ ᠪᠠᠭ ᠲᠡᠮᠡᠴᠡᠭᠡᠨ ᠢ ᠰᠢᠭᠦᠵᠦ ᠪᠠᠶᠢᠨ᠎ᠡ᠃

ᠰᠡᠳᠬᠢᠭᠳᠡᠯ ᠦᠯᠡᠳᠡᠭᠡᠬᠦ