ᠶᠢᠰᠤᠨ ᠨᠠᠰᠤᠲᠠᠢ ᠬᠦᠦ ᠶᠡᠭᠡ ᠰᠠᠶᠠᠨ ᠤ ᠨᠢᠷᠤᠭᠤᠨ ᠤ ᠨᠣᠶᠠᠨ ᠣᠷᠭᠢᠯ ᠳᠤ ᠭᠠᠷᠴᠠᠢ | News.MN

ᠶᠢᠰᠤᠨ ᠨᠠᠰᠤᠲᠠᠢ ᠬᠦᠦ ᠶᠡᠭᠡ ᠰᠠᠶᠠᠨ ᠤ ᠨᠢᠷᠤᠭᠤᠨ ᠤ ᠨᠣᠶᠠᠨ ᠣᠷᠭᠢᠯ ᠳᠤ ᠭᠠᠷᠴᠠᠢ

ᠮᠣᠩᠭᠣᠯ ᠤᠨ ᠶᠠᠪᠠᠭᠠᠨ ᠠᠯᠬᠤᠯᠲᠠ ᠶᠢᠨ ᠬᠤᠯᠪᠤᠭᠠᠨ ᠤ ᠰᠠᠯᠪᠤᠷᠢ ᠪᠠᠶᠢᠭᠤᠯᠤᠯᠭ᠎ᠠ ᠪᠣᠯᠬᠤ ᠬᠥᠪᠰᠥᠬᠦᠯ ᠠᠶᠢᠮᠠᠭ ᠤᠨ ᠶᠠᠪᠠᠭᠠᠨ ᠠᠯᠬᠤᠯᠲᠠ ᠶᠢᠨ ᠬᠤᠯᠪᠣᠭᠠᠨ ᠠᠴᠠ ᠡᠨᠡ ᠰᠠᠷ᠎ᠠ ᠶᠢᠨ ᠨᠢᠭᠡᠨ  ᠡᠴᠡ ᠨᠠᠢ᠌ᠮᠠᠨ ᠤ ᠬᠤᠭᠤᠷᠦᠡᠳᠦ︽ᠬᠥᠬᠡ ᠰᠤᠪᠤᠳ ᠤᠨ ᠡᠷᠢᠯ ᠳᠤ – 2︾ᠠᠳᠠᠯ ᠶᠠᠪᠤᠳᠠᠯᠲᠤ ᠶᠠᠪᠠᠭᠠᠨ ᠠᠶᠠᠯᠠᠯ ᠢ ᠮᠦᠷᠡᠨ᠂  ᠷᠢᠨᠴᠢᠨᠯᠾᠦ᠋ᠮᠪᠤ᠂ ᠠᠯᠠᠬ ᠡᠷᠳᠡᠨᠢ᠂ ᠬᠠᠩᠬᠤ ᠰᠤᠮᠤᠨ ᠳᠤ ᠵᠣᠬᠢᠶᠠᠨ ᠪᠠᠶᠢᠭᠤᠯᠵᠠᠢ᠃
ᠠᠶᠠᠯᠠᠯ ᠳᠤ 18 ᠠᠯᠬᠤᠭᠴᠢ ᠣᠷᠣᠯᠴᠠᠭᠰᠠᠨ ᠤ ᠳᠣᠲᠣᠷ᠎ᠠ ᠶᠢᠰᠤᠨ ᠨᠠᠰᠤᠲᠠᠢ ᠯ᠊ ·ᠡᠷᠬᠢᠮᠪᠠᠶᠠᠷ ᠪᠠᠭᠲᠠᠵᠤ᠂ ᠠᠪᠤ ᠲᠠᠢ ᠪᠠᠨ ᠬᠠᠮᠲᠤ ᠠᠮᠵᠢᠯᠲᠠᠲᠠᠶ ᠣᠷᠣᠯᠴᠠᠵᠠᠢ᠃ ᠲᠡᠷᠡ ᠪᠠᠷ  ᠡᠨᠡ ᠤᠳᠠᠭ᠎ᠠ ᠮᠣᠩᠭᠤᠯ ᠤᠯᠤᠰ ᠤᠨ ᠬᠤᠶᠢᠳᠤ ᠬᠢᠯᠢ ᠬᠠᠩᠬᠤ ᠰᠤᠮᠤ ᠶᠢᠨ ᠨᠤᠲᠤᠭ ᠲᠤ ᠣᠷᠤᠰᠢᠬᠤ ᠶᠡᠭᠡ ᠰᠠᠶᠠᠨ ᠤ ᠨᠢᠷᠤᠭᠤᠨ ᠤ ᠨᠣᠶᠠᠨ ᠤᠷᠬᠢᠯ ᠮᠥᠩᠬᠡ ᠰᠠᠷᠢᠳᠠᠭ︵ 3491 ᠮᠧᠲᠷ︶ᠣᠷᠭᠢᠯ ᠳᠤ ᠠᠮᠵᠢᠯᠲᠠᠲᠠᠶ ᠭᠠᠷᠤᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ