ᠰᠠᠶ᠎ᠠ ᠳ᠋ᠣᠯᠯᠠᠷ ᠤᠨ ᠬᠥᠷᠥᠩᠭᠡ ᠣᠷᠣᠭᠤᠯᠬᠤ ᠪᠣᠯᠣᠮᠵᠢ ᠲᠠᠢ ᠺᠣᠮᠫᠠᠨᠢ  ᠢᠷᠠᠨ᠎ᠠ | News.MN

ᠰᠠᠶ᠎ᠠ ᠳ᠋ᠣᠯᠯᠠᠷ ᠤᠨ ᠬᠥᠷᠥᠩᠭᠡ ᠣᠷᠣᠭᠤᠯᠬᠤ ᠪᠣᠯᠣᠮᠵᠢ ᠲᠠᠢ ᠺᠣᠮᠫᠠᠨᠢ  ᠢᠷᠠᠨ᠎ᠠ

ᠮᠣᠩᠭᠣᠯ ᠤᠨ ᠵᠠᠯᠠᠭᠤᠴᠤᠳ ᠤᠨ ᠬᠤᠯᠪᠣᠭ᠎ᠠ᠂ ᠮᠣᠩᠭᠤᠯ ᠬᠢᠲᠠᠳ ᠤᠨ ᠵᠠᠯᠠᠭᠤᠴᠤᠳ ᠤᠨ ᠬᠤᠳᠠᠯᠳᠤᠭ᠎ᠠ᠂ ᠡᠳ᠋ ᠤᠨ ᠵᠠᠰᠠᠭ ᠤᠨ ᠬᠠᠮᠲᠤ ᠶᠢᠨ ᠠᠵᠢᠯᠯᠠᠭᠠᠨ ᠤ ᠨᠡᠶᠢᠭᠡᠮᠯᠢᠭ ᠬᠠᠮᠲᠤᠷᠠᠨ︽ᠮᠣᠩᠭᠤᠯ ᠬᠢᠲᠠᠳ ᠤᠨ ᠪᠢᠽᠨᠧᠰ ᠡᠷᠬᠢᠯᠡᠭᠴᠢᠳ ᠤᠨ ᠹᠤᠷᠤᠮ︾ ᠢ ᠡᠨᠡ ᠰᠠᠷ᠎ᠠ ᠶᠢᠨ 16-18  ᠳᠤ ᠤᠯᠠᠭᠠᠨᠪᠠᠭᠠᠲᠤᠷ ᠲᠤ ᠵᠣᠬᠢᠶᠠᠨ ᠪᠠᠶᠢᠭᠤᠯᠤᠨ᠎ᠠ᠃
ᠹᠤᠷᠤᠮ ᠳᠤ  ᠬᠢᠲᠠᠳ  ᠤᠨ ᠬᠤᠪᠢ ᠶᠢᠨ ᠬᠡᠪᠰᠢᠯ ᠤᠨ 200 ᠣᠷᠴᠢᠮ ᠠᠵᠤ ᠠᠬᠤᠢ ᠶᠢᠨ ᠨᠢᠭᠡᠴᠢ᠂ ᠪᠠᠶᠢᠭᠤᠯᠤᠯᠭ᠎ᠠ ᠣᠷᠣᠯᠴᠠᠵᠤ᠂  ᠠᠭᠤᠯᠠ ᠠᠭᠤᠷᠬᠠᠢ᠂ ᠰᠡᠷᠭᠦᠭᠡᠭᠳᠡᠬᠦ ᠡᠷᠴᠢᠮ ᠬᠦᠴᠦ᠂ ᠠᠶᠠᠯᠠᠯ ᠵᠢᠭᠤᠯᠴᠢᠯᠠᠯ᠂ ᠪᠠᠩᠬᠢ ᠰᠠᠩᠬᠦᠦ᠂ ᠪᠠᠷᠢᠯᠭ᠎ᠠ᠂ ᠬᠥᠳᠡᠭᠡ ᠠᠵᠤ ᠠᠬᠤᠢ ᠶᠢᠨ ᠰᠠᠯᠪᠤᠷᠢ ᠳᠤ ᠬᠥᠷᠥᠩᠭᠡ ᠣᠷᠣᠭᠤᠯᠬᠤ ᠲᠤᠬᠠᠶ ᠶᠠᠷᠢᠯᠴᠠᠬᠤ ᠶᠤᠮ᠃

ᠮᠣᠩᠭᠤᠯ ᠤᠨ ᠵᠠᠯᠠᠭᠤᠴᠤᠳ ᠤᠨ ᠬᠤᠯᠪᠣᠭ᠎ᠠ ᠶᠢᠨ ᠶᠡᠷᠦᠩᠬᠡᠶᠢᠯᠡᠭᠴᠢ ᠪ ∙ ᠰᠡᠷᠭᠦᠯᠡᠩᠪᠠᠭᠠᠲᠤᠷ ᠶᠠᠷᠢᠬᠤ ᠳᠤ ᠪᠠᠨ᠄ ᠹᠣᠷᠤᠮ ᠤᠨ ᠦᠶ᠎ᠡ ᠪᠠᠷ 300 ‍ᠭᠠᠳ ᠬᠦᠮᠦᠨ ᠳ᠋ᠤ  ᠵᠣᠷᠢᠭᠤᠯᠤᠭᠰᠠᠨ ᠠᠶᠠᠯᠠᠯ ᠵᠢᠭᠤᠯᠴᠢᠯᠠᠯ ᠤᠨ ᠬᠥᠲᠥᠯᠪᠦᠷᠢ ᠭᠠᠷᠭᠠᠭᠰᠠᠨ᠃ ᠮᠣᠩᠭᠣᠯ ᠤᠨ ᠲᠠᠯ᠎ᠠ ᠠᠴᠠ 400 ᠻᠣᠮᠫᠠᠨᠢ ᠪᠦᠷᠢᠳᠬᠡᠬᠦ ᠠᠴᠠ 200 ᠭᠠᠷᠦᠢ ᠨᠢ ᠪᠦᠷᠢᠳᠬᠡᠭᠦᠯᠦᠭᠡᠳ ᠪᠠᠶᠢᠨ᠎ᠡ᠃ ᠬᠢᠲᠠᠳ ᠤᠨ 200 ᠭᠠᠷᠦᠢ ᠺᠣᠮᠫᠠᠨᠢ ᠶᠢᠨ ᠲᠠᠯ᠎ᠠ ᠪᠠᠷ ᠮᠡᠳᠡᠭᠡᠯᠡᠯ ᠦᠭᠬᠦ ᠪᠣᠯᠣᠮᠵᠢ ᠲᠠᠢ᠃ ᠬᠢᠲᠠᠳ ᠤᠨ ᠲᠠᠯ᠎ᠠ ᠠᠴᠠ ᠦᠷᠢ ᠵᠢᠭᠡᠯᠡᠯᠭᠡ ᠦᠭᠡᠢ᠂ ᠶᠡᠮᠡᠷ ᠨᠢᠭᠡ ᠠᠰᠠᠭᠤᠳᠠᠯ ᠦᠭᠡᠢ᠂ ᠮᠣᠩᠭᠤᠯ ᠳᠤ  ᠰᠠᠶ᠎ᠠ  ᠳ᠋ᠣᠯᠯᠠᠷ ᠠᠴᠠ ᠳᠣᠭᠤᠭᠰᠢ ᠦᠭᠡᠶ ᠬᠥᠷᠥᠩᠭᠡ ᠣᠷᠣᠭᠤᠯᠬᠤ ᠴᠢᠳᠠᠮᠵᠢᠲᠠᠢ ᠺᠣᠮᠫᠠᠨᠢ ᠶᠢᠨ ᠲᠥᠯᠦᠭᠡᠯᠡᠯ ᠢᠷᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ