ᠠᠷᠪᠠᠨ ᠳᠤᠯᠤᠳᠤᠭᠠᠷ ᠵᠢᠷᠠᠨ ᠤ︽ᠦᠵᠡᠰᠬᠦᠯᠡᠩ ᠪᠣᠯᠭᠠᠭᠴᠢ︾ᠭᠡᠮᠡᠬᠦ ᠤᠰᠤᠨ ᠲᠠᠤᠯᠠᠢ ᠵᠢᠯ ᠤᠨ ᠰᠠᠷ᠎ᠠ ᠰᠢᠨ᠎ᠡ ᠶᠢᠨ ᠪᠠᠶᠠᠷ ᠲᠤ ᠵᠣᠷᠢᠭᠤᠯᠤᠭᠰᠠᠨ ᠦᠨᠳᠦᠰᠦᠨ ᠤ ᠪᠥᠬᠡ ᠶᠢᠨ ᠪᠠᠷᠢᠯᠳᠤᠭᠠᠨ 2023 ᠣᠨ ᠤ ᠬᠤᠶᠠᠳᠤᠭᠠᠷ ᠰᠠᠷ᠎ᠠ ᠶᠢᠨ 19-20 ᠤ ᠡᠳᠦᠷ ᠤᠳ ᠲᠤ ᠮᠣᠩᠭᠤᠯ ᠪᠥᠬᠡ ᠶᠢᠨ ᠥᠷᠭᠦᠭᠡᠨ ᠳᠤ ᠪᠣᠯᠣᠯ᠎ᠠ᠃
ᠡᠨᠡ ᠤᠳᠠᠭ᠎ᠠ ᠶᠢᠨ ᠪᠠᠷᠢᠯᠳᠤᠭᠠᠨ ᠳᠤ ᠳᠠᠶᠠᠩ ᠠᠪᠤᠷᠭᠤ ᠨ᠊ ·ᠪᠠᠲᠤᠰᠠᠭᠤᠷᠢ᠂ ᠤᠯᠤᠰ ᠤᠨ ᠠᠪᠤᠷᠭᠤ ᠫ᠊ ·ᠪᠦᠷᠢᠨᠲᠡᠭᠦᠰ᠂ ᠤᠯᠤᠰ ᠤᠨ ᠠᠪᠤᠷᠭᠤ ᠴ᠊·ᠰᠠᠩᠵᠠᠢᠳᠠᠮᠪᠠ᠂ ᠤᠯᠤᠰ ᠤᠨ ᠠᠪᠤᠷᠭᠤ ᠰ᠊ ·ᠮᠥᠩᠬᠡᠪᠠᠲᠤ᠂ ᠤᠯᠤᠰ ᠤᠨ ᠠᠪᠤᠷᠭᠤ ᠣ᠊ ·ᠬᠠᠩᠭᠠᠶ ᠲᠡᠷᠢᠭᠦᠲᠡᠢ ᠤᠯᠤᠰ᠂ ᠠᠶᠢᠮᠠᠭ ᠤᠨ ᠠᠯᠳᠡᠷ ᠴᠣᠯᠠ ᠲᠠᠢ ᠬᠦᠴᠦᠲᠦ 256 ᠪᠥᠬᠡ ᠵᠤᠳᠤᠭᠯᠠᠭᠠᠳ᠂ ᠬᠤᠪᠳᠤ ᠠᠶᠢᠮᠠᠭ ᠤᠨ ᠵᠡᠷᠭᠡ ᠰᠤᠮᠤ ᠶᠢᠨ ᠬᠠᠷᠢᠶᠠᠲᠤ᠂ ᠤᠯᠤᠰ ᠤᠨ ᠵᠠᠭᠠᠨ ᠪᠠᠶᠠᠷᠬᠦᠦ ᠶᠢᠨ ᠪᠠᠲᠤ ᠥᠯᠵᠡᠶ ᠨᠠᠢᠮᠠ ᠳᠠᠪᠠᠵᠤ ᠲᠦᠷᠦᠭᠦᠯᠡᠯ᠎ᠡ᠃