ᠣᠯᠠᠨ ᠤᠯᠤᠰ ᠤᠨ ᠵᠢᠤᠳᠤᠤ ᠪᠥᠬᠡ ᠶᠢᠨ ᠬᠤᠯᠪᠣᠭ᠎ᠠ︵ IJF︶ ᠶᠢᠨ 2023 ᠣᠨ ᠤ ᠬᠤᠶᠠᠳᠠᠬᠢ ︽ᠶᠡᠭᠡ ᠲᠤᠭᠤᠯᠠᠭ᠎ᠠ︾ ᠲᠡᠮᠡᠴᠡᠭᠡᠨ ᠢᠰᠷᠧᠯ ᠤᠨ ᠲᠧᠯ ᠠᠸᠢᠪ ᠲᠤ ᠥᠨᠳᠥᠷᠯᠡᠯ᠎ᠡ᠃ 100 ᠺᠢᠯᠣᠭ᠍ᠷᠠᠮ ᠤᠨ ᠵᠢᠩ ᠳᠤ ᠣ᠊ · ᠴᠡᠴᠡᠨᠴᠡᠩᠭᠡᠯ ᠠᠽᠧᠷᠪᠠᠶᠢᠵᠠᠨ ᠤ ᠪᠦᠬᠡ ᠶᠢ ᠸᠠᠽᠠᠷᠢ ᠦᠨᠡᠯᠡᠭᠡ ᠪᠠᠷ ᠢᠯᠠᠨ ᠠᠯᠲᠠᠨ ᠮᠧᠳᠠᠯ ᠬᠦᠷᠲᠡᠯ᠎ᠡ᠃
ᠡᠷᠡᠭᠲᠡᠶᠢᠴᠦᠳ ᠤᠨ 90 ᠺᠢᠯᠣᠭ᠍ᠷᠠᠮ ᠤᠨ ᠵᠢᠩ ᠳᠤ ᠬ᠋᠊ ·ᠠᠯᠲᠠᠨᠪᠠᠭᠠᠨ᠎ᠠ ᠬᠦᠷᠡᠯ ᠮᠧᠳᠠᠯ ᠤᠨ ᠡᠵᠡᠨ ᠪᠣᠯᠣᠯ᠎ᠠ᠃ ᠲᠡᠷᠡ ᠺᠦᠪᠡ ᠶᠢᠨ ᠪᠦᠬᠡ ᠶᠢ ᠴᠡᠪᠡᠷ ᠢᠯᠠᠭᠰᠠᠨ ᠶᠤᠮ᠃ ᠡᠨᠡ ᠲᠡᠮᠡᠴᠡᠭᠡᠨ ᠳᠤ ᠮᠠᠨ ᠤ ᠤᠯᠤᠰ ᠠᠴᠠ ᠡᠷᠡᠭᠲᠡᠢ 10᠂ ᠡᠮᠡᠭᠳᠡᠢ 8 ᠲᠠᠮᠢᠷᠴᠢᠨ ᠪᠠᠷᠢᠯᠳᠤᠭᠠᠳ 1 ᠠᠯᠳᠠ᠂ 1 ᠬᠦᠷᠡᠯ ᠮᠧᠳᠠᠯ ᠬᠦᠷᠲᠡᠪᠡ᠃