2022 ᠣᠨ ᠤ ᠰᠢᠯᠢᠳᠡᠭ ᠥᠪᠯᠡᠨ ᠤᠯᠡᠮᠵᠢᠯᠡᠬᠴᠢ ᠪᠠᠷ ᠳ᠋᠊ ·ᠴᠡᠷᠡᠨᠳᠠᠸᠠ ᠰᠢᠯᠭᠠᠷᠠᠯ᠎ᠠ | News.MN

2022 ᠣᠨ ᠤ ᠰᠢᠯᠢᠳᠡᠭ ᠥᠪᠯᠡᠨ ᠤᠯᠡᠮᠵᠢᠯᠡᠬᠴᠢ ᠪᠠᠷ ᠳ᠋᠊ ·ᠴᠡᠷᠡᠨᠳᠠᠸᠠ ᠰᠢᠯᠭᠠᠷᠠᠯ᠎ᠠ

ᠰᠣᠶᠤᠯ ᠤᠨ ᠪᠡᠶᠡᠲᠦ ᠪᠤᠰᠤ ᠥᠪ ᠢ ᠦᠨᠳᠦᠰᠦᠨ ᠤ ᠪᠤᠯᠦᠠ ᠳᠡᠯᠡᠬᠡᠢ ᠶᠢᠨ ᠬᠡᠮᠵᠢᠶᠡᠨ ᠳᠤ ᠰᠤᠷᠲᠠᠯᠴᠢᠯᠠᠨ ᠠᠯᠳᠠᠷᠰᠢᠭᠤᠯᠬᠤ᠂ ᠲᠦᠭᠡᠭᠡᠨ ᠳᠡᠯᠭᠡᠷᠡᠭᠦᠯᠬᠦ ᠳᠤ  ᠣᠨᠴᠠᠭᠠᠢ ᠬᠤᠪᠢ ᠨᠡᠮᠡᠷᠢ ᠣᠷᠣᠭᠤᠯᠤᠭᠰᠠᠨ ᠥᠪᠯᠡᠨ ᠤᠯᠡᠮᠵᠢᠯᠡᠬᠴᠢ ᠶᠢ ᠵᠢᠯ ᠪᠦᠷᠢ ᠰᠢᠯᠭᠠᠷᠠᠭᠤᠯᠵᠤ᠂ ᠮᠥᠩᠭᠦᠨ ᠱᠠᠩᠨᠠᠯ ᠢᠶᠠᠷ ᠱᠠᠩᠨᠠᠳᠠᠭ᠃ 2022 ᠣᠨ ᠤ ᠰᠢᠯᠢᠳᠡᠭ ᠥᠪᠯᠡᠨ ᠤᠯᠡᠮᠵᠢᠯᠡᠬᠴᠢ ᠪᠠᠷ ᠮᠣᠩᠭᠤᠯ ᠬᠦᠭᠡᠮᠢ ᠶᠢᠨ ᠤᠯᠠᠮᠵᠢᠯᠠᠯᠲᠤ ᠤᠷᠠᠯᠢᠭ ᠥᠪ ᠢ ᠥᠪᠯᠡᠨ ᠤᠯᠡᠮᠵᠢᠯᠡᠬᠴᠢ ᠳᠠᠰᠢᠳᠣᠷᠵᠢ ᠶᠢᠨ ᠴᠡᠷᠡᠨᠳᠠᠸᠠ ᠰᠢᠯᠭᠠᠷᠠᠯ᠎ᠠ᠃
ᠳ᠋᠊·ᠴᠡᠷᠡᠨᠳᠠᠸᠠ  ᠨᠢ 1954 ᠣᠨ ᠳᠤ ᠬᠤᠪᠳᠤ ᠠᠶᠢᠮᠠᠭ ᠤᠨ ᠴᠢᠨᠳᠠᠮᠤᠨᠢ ᠰᠤᠮᠤᠨ ᠳᠤ ᠲᠥᠷᠦᠭᠰᠡᠨ ᠪᠥᠭᠡᠳ ᠪᠠᠭ᠎ᠠ ᠠᠴᠠ ᠪᠠᠨ   ᠠᠪᠤ ᠯ᠊ · ᠳᠠᠰᠢᠳᠣᠷᠵᠢ ᠪᠤᠯᠦᠠ ᠨᠤᠲᠤᠭ ᠤᠨ  ᠬᠦᠭᠡᠮᠢᠴᠢ ᠮ᠊∙ᠦᠯᠮᠡᠢᠪᠠᠲᠤ᠂ ᠬ᠋᠊ ·ᠮᠠᠷᠭᠠᠳ᠂ ᠳ᠋᠊ ·ᠰᠤᠨᠳᠤᠶ᠂ ᠳ᠋᠊ · ᠴᠢᠯᠠᠭᠤᠨ ᠨᠠᠷ ᠠᠴᠠ  ᠬᠦᠭᠡᠮᠢ ᠰᠤᠷᠴᠠᠢ ᠃ ᠲᠡᠷᠡ ᠪᠠᠷ ᠤᠳᠤ ᠪᠤᠯᠲᠠᠯ᠎ᠠ 800 ᠭᠠᠷᠦᠢ ᠱᠠᠪᠢ ᠰᠤᠷᠭᠠᠵᠠᠢ᠃
ᠲᠡᠷᠡ ᠪᠤᠯ  ᠵᠠᠰᠠᠭ ᠤᠨ ᠭᠠᠵᠠᠷ ᠤᠨ 2019 ᠣᠨ ᠤ 475 ᠳ᠋ᠤᠭᠠᠷ ᠲᠣᠭᠲᠠᠭᠠᠯ ᠢᠶᠠᠷ ᠪᠠᠲᠤᠯᠠᠭᠰᠠᠨ ︽ᠰᠣᠶᠤᠯ ᠤᠨ ᠪᠡᠶᠡᠲᠦ ᠪᠤᠰᠤ ᠥᠪ ᠤᠨ ᠥᠪᠯᠡᠨ ᠤᠯᠡᠮᠵᠢᠯᠡᠬᠴᠢ ᠶᠢᠨ ᠦᠨᠳᠦᠰᠦᠨ ᠤ ᠵᠢᠭᠰᠠᠭᠠᠯᠲᠠ︾ ᠳᠤ ᠪᠦᠷᠢᠳᠬᠡᠭᠳᠡᠭᠰᠡᠨ 102 ᠥᠪᠯᠡᠨ ᠤᠯᠡᠮᠵᠢᠯᠡᠬᠴᠢ ᠶᠢᠨ ᠨᠢᠭᠡ  ᠶᠤᠮ᠃

ᠰᠡᠳᠬᠢᠭᠳᠡᠯ ᠦᠯᠡᠳᠡᠭᠡᠬᠦ