ᠤ᠊ · ᠬᠦᠷᠡᠯᠰᠦ᠋ᠬᠡ ᠽᠧᠯᠧᠨᠰᠺᠢ  ᠲᠠᠢ ᠤᠲᠠᠰᠤ ᠪᠠᠷ ᠶᠠᠷᠢᠪᠠ | News.MN

ᠤ᠊ · ᠬᠦᠷᠡᠯᠰᠦ᠋ᠬᠡ ᠽᠧᠯᠧᠨᠰᠺᠢ  ᠲᠠᠢ ᠤᠲᠠᠰᠤ ᠪᠠᠷ ᠶᠠᠷᠢᠪᠠ

ᠮᠣᠩᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠦᠻᠷᠠᠶᠢᠨ ᠤᠯᠤᠰ ᠤᠨ ᠶᠡᠷᠦᠩᠬᠡᠶᠢᠯᠡᠭᠴᠢ ᠽᠧᠯᠧᠨᠰᠺᠢ ᠲᠠᠢ  ᠬᠦᠰᠡᠯᠲᠡ ᠶᠢᠨ ᠬᠢᠨᠢ ᠳᠠᠭᠠᠤ 2023 ᠣᠨ ᠤ 2 ᠳ᠋ᠤᠭᠠᠷ ᠰᠠᠷ᠎ᠠ ᠶᠢᠨ 21 ᠤ ᠡᠳᠦᠷ ᠤᠲᠠᠰᠤ ᠪᠠᠷ ᠶᠠᠷᠢᠪᠠ᠃
ᠽᠧᠯᠧᠨᠰᠺᠢ ᠮᠣᠩᠭᠣᠯ ᠤᠨ ᠠᠷᠠᠳ ᠲᠦᠮᠡᠨ ᠳᠤ ᠴᠡᠭᠠᠠ ᠰᠠᠷ᠎ᠠ ᠶᠢᠨ ᠪᠠᠶᠠᠷ ᠤᠨ ᠮᠡᠨᠳᠦᠴᠢᠯᠡᠭᠡ ᠳᠡᠪᠰᠢᠭᠦᠯᠵᠦ᠂ ᠬᠦᠨᠳᠦ ᠴᠠᠬ ᠦᠶ᠎ᠡ ᠳᠤ ᠮᠣᠩᠭᠤᠯ  ᠤᠯᠤᠰ ᠦᠻᠷᠠᠶᠢᠨ ᠤᠯᠤᠰ ᠲᠤ ᠬᠦᠮᠦᠯᠢᠭ ᠤᠨ ᠲᠤᠰᠠᠯᠠᠮᠵᠢ ᠦᠵᠡᠭᠦᠯᠦᠭᠰᠡᠨ ᠳᠤ ᠲᠠᠯᠠᠷᠬᠠᠯ ᠢᠯᠡᠷᠬᠡᠶᠢᠯᠡᠵᠦ᠂ ᠬᠤᠶᠠᠷ ᠲᠠᠯ᠎ᠠ ᠶᠢᠨ ᠬᠠᠷᠢᠯᠴᠠᠭᠠᠨ ᠳᠤ ᠰᠡᠦᠡᠬᠢᠯ ᠬᠠᠩᠭᠠᠯᠤᠭᠤᠨ ᠪᠠᠶᠢᠭ᠎ᠠ ᠪᠠᠨ ᠣᠨᠴᠠᠯᠠᠪᠠ᠃ ᠲᠡᠷᠡ ᠪᠠᠷ ᠮᠣᠩᠭᠤᠯ ᠣᠷᠣᠨ ᠳᠤ ᠠᠮᠢᠳᠤᠷᠠᠵᠤ ᠪᠠᠶᠢᠭᠰᠠᠨ ᠬᠡᠦᠬᠡᠳ ᠠᠬᠤᠶ ᠨᠠᠰᠤ ᠪᠠᠨ ᠳᠤᠷᠠᠰᠪᠠ᠃
ᠤᠬᠤᠨ᠎ᠠ ᠶᠢᠨ ᠬᠦᠷᠡᠯᠰᠦ᠋ᠬᠡ ᠬᠦᠨᠳᠦ ᠴᠠᠬ ᠦᠶ᠎ᠡ ᠳᠤ ᠴᠠᠬ ᠵᠠᠪ ᠭᠠᠷᠭᠠᠨ ᠤᠲᠠᠰᠤ ᠪᠠᠷ ᠶᠠᠷᠢᠵᠤ᠂ ᠮᠣᠩᠭᠣᠯ ᠤᠨ ᠠᠷᠠᠳ ᠲᠦᠮᠡᠨ ᠳᠤ  ᠰᠠᠷ᠎ᠠ ᠰᠢᠨ᠎ᠡ ᠶᠢᠨ ᠮᠡᠨᠳᠦᠴᠢᠯᠡᠭᠡ ᠳᠡᠪᠰᠢᠭᠦᠯᠦᠭᠰᠡᠨ ᠳᠤ ᠲᠠᠯᠠᠷᠬᠠᠯ ᠢᠯᠡᠷᠬᠡᠶᠢᠯᠡᠪᠡ᠃ ᠲᠡᠷᠡ ᠪᠠᠷ ᠮᠦᠠ ᠦᠻᠷᠠᠶᠢᠨ  ᠤᠯᠤᠰ ᠲᠡᠬᠢ ᠨᠥᠬᠦᠴᠡᠯ ᠪᠠᠶᠢᠳᠠᠯ ᠳᠤ ᠰᠡᠦᠡᠬᠢᠯ ᠰᠠᠨᠠᠭ᠎ᠠ ᠵᠣᠪᠠᠵᠤ ᠪᠠᠶᠢᠭ᠎ᠠ ᠪᠠᠨ ᠢᠯᠡᠷᠬᠡᠶᠢᠯᠡᠵᠦ᠂ ᠣᠯᠠᠨ ᠤᠯᠤᠰ ᠤᠨ ᠬᠠᠮᠲᠤ ᠶᠢᠨ ᠨᠡᠶᠢᠭᠡᠮᠯᠢᠭ ᠳ᠋ᠢᠫᠯᠤᠮᠠᠲ ᠦᠶᠯᠡ ᠠᠵᠢᠯᠯᠠᠭ᠎ᠠ ᠶᠢ ᠡᠷᠴᠢᠮᠵᠢᠭᠦᠯᠵᠦ᠂ ᠶᠠᠷᠢᠶ᠎ᠠ ᠬᠡᠯᠡᠯᠴᠡᠭᠡ᠂ ᠡᠩᠬᠡ ᠶᠢᠨ ᠵᠠᠮ ᠢᠶᠠᠷ ᠠᠰᠠᠭᠤᠳᠠᠯ ᠢ ᠰᠢᠶᠳᠪᠦᠷᠢᠯᠡᠬᠦ ᠨᠢ ᠬᠠᠮᠤᠬ ᠤᠨ ᠵᠥᠪ ᠬᠤᠪᠢᠯᠪᠤᠷᠢ ᠪᠣᠯᠬᠤ ᠶᠢ ᠣᠨᠴᠠᠯᠠᠨ ᠳᠤᠷᠠᠳᠪᠠ᠃

ᠰᠡᠳᠬᠢᠭᠳᠡᠯ ᠦᠯᠡᠳᠡᠭᠡᠬᠦ