ᠪᠠᠶᠠᠨᠬᠤᠩᠭᠤᠷ ᠠᠶᠢᠮᠠᠭ ᠲᠤ ᠤᠯᠤᠰ ᠤᠨ ᠲᠥᠰᠦᠪ ᠤᠨ ᠬᠥᠷᠥᠩᠭᠡ ᠪᠠᠷ ᠪᠠᠷᠢᠭᠳᠠᠭᠰᠠᠨ ᠤᠰᠤᠨ ᠪᠠᠰᠰᠧᠶᠢᠨ ᠪᠦᠬᠦᠢ ᠰᠫᠣᠷᠲ ᠴᠣᠭᠴᠠᠯᠠᠪᠤᠷᠢ ᠶᠢᠨ ᠪᠠᠷᠢᠯᠭ᠎ᠠ ᠶᠢᠨ ᠠᠵᠢᠯ 2012 ᠣᠨ ᠳᠤ ᠡᠬᠢᠯᠡᠭᠰᠡᠨ ᠴᠤ 2014 ᠣᠨ ᠠᠴᠠ ᠠᠵᠢᠯ ᠨᠢ ᠵᠣᠭᠰᠣᠩᠭᠢ ᠪᠠᠶᠢᠳᠠᠯ ᠳᠤ ᠣᠷᠣᠭᠰᠠᠨ ᠪᠠᠶᠢᠳᠠᠭ᠃ ᠭᠡᠪᠡᠴᠦ ᠪᠠᠷᠢᠯᠭ᠎ᠠ ᠶᠢᠨ ᠭᠦᠢᠴᠡᠳᠬᠡᠯ ᠠᠵᠢᠯ ᠢ 2020 ᠣᠨ ᠠᠴᠠ ᠡᠷᠴᠢᠮ ᠲᠠᠢ ᠶᠠᠪᠤᠭᠤᠯᠤᠭᠰᠠᠨ ᠢᠶᠠᠷ ᠤᠯᠤᠰ ᠤᠨ ᠺᠣᠮᠢᠰ ᠰᠠᠶ᠋ᠢᠬᠠᠨ ᠬᠦᠯᠢᠶᠡᠵᠦ ᠠᠪᠤᠭᠠᠳ ᠪᠠᠶᠢᠭ᠎ᠠ ᠶᠤᠮ᠃
ᠤᠰᠤᠨ ᠪᠠᠰᠰᠧᠶᠢᠨ ᠪᠦᠬᠦᠢ ᠰᠫᠣᠷᠲ ᠴᠣᠭᠴᠠᠯᠠᠪᠤᠷᠢ ᠨᠢ 550 ᠬᠥᠮᠥᠨ ᠤ ᠰᠠᠭᠤᠳᠠᠯ ᠲᠠᠢ ᠰᠫᠣᠷᠲ ᠲᠠᠩᠬᠢᠮ᠂ 170 ᠬᠥᠮᠥᠨ ᠤ ᠰᠠᠭᠤᠳᠠᠯ ᠲᠠᠢ ᠤᠰᠤᠨ ᠪᠠᠰᠰᠸᠢᠢᠨ ᠂ ᠪᠢᠯᠳᠠᠷᠵᠢᠭᠤᠯᠬᠤ ᠲᠥᠪ᠂ ᠤᠣᠹᠢᠰ ᠥᠷᠦᠭᠡ᠂ ᠰᠤᠷᠭᠠᠯᠲᠠ ᠶᠢᠨ ᠥᠷᠦᠭᠡ᠂ ᠡᠮᠴᠢ᠂ ᠪᠠᠭᠰᠢ ᠳᠠᠰᠬᠠᠯᠵᠢᠭᠤᠯᠤᠭᠴᠢ ᠨᠠᠷ ᠤᠨ ᠦᠶᠯᠡ ᠠᠵᠢᠯᠯᠠᠭ᠎ᠠ ᠶᠠᠪᠤᠭᠤᠯᠬᠤ 20 ᠥᠷᠦᠭᠡ᠂ 70 ᠮᠠᠰᠢᠨ ᠤ ᠲᠤᠯᠡᠭᠠᠠ ᠵᠣᠭᠰᠣᠭᠠᠯ ᠲᠠᠢ᠃
ᠲᠤᠰ ᠤᠷᠳᠤᠨ ᠢᠶᠠᠨ ᠲᠦᠰᠢᠭᠯᠡᠨ ᠪᠠᠶᠠᠨᠬᠤᠩᠭᠤᠷ ᠠᠶᠢᠮᠠᠭ ᠲᠤ ᠮᠣᠩᠭᠣᠯ ᠤᠨ ᠬᠡᠦᠬᠡᠳ ᠤᠨ ᠰᠫᠣᠷᠲ ᠤᠨ ᠳᠤᠯᠤᠳᠤᠭᠠᠷ ᠨᠠᠭᠠᠳᠤᠮ ᠢ ᠵᠣᠬᠢᠶᠠᠨ ᠪᠠᠶᠢᠭᠤᠯᠬᠤ ᠪᠠᠷ ᠪᠣᠯᠣᠭᠰᠠᠨ ᠪᠠᠢᠨ᠎ᠠ᠃