ᠫᠠᠷᠢᠰ ᠮᠠᠵᠤᠷ ᠤᠨ ᠠᠽᠢᠶ᠎ᠠ ᠶᠢᠨ ᠪᠦᠰᠡ ᠶᠢᠨ ᠤᠷᠢᠳᠴᠢᠯᠠᠭᠰᠠᠨ ᠱᠠᠲᠤᠨ ᠤ ᠲᠡᠮᠡᠴᠡᠭᠡᠨ ᠦᠡᠭᠭᠡᠷᠡᠭᠰᠡᠠ ᠰᠥᠨᠢ ᠥᠨᠳᠥᠷᠯᠡᠵᠦ᠂ ᠮᠣᠩᠭᠣᠯ ᠤᠨ ᠬᠤᠶᠠᠷ ᠪᠠᠭ Asian RMR ᠳᠦ ᠣᠷᠣᠯᠴᠠᠬᠤ ᠪᠠᠷ ᠪᠣᠯᠣᠯ᠎ᠠ᠃ ᠲᠣᠳᠣᠷᠠᠭᠤᠯᠪᠠᠯ᠂ CSGO ᠤᠨ ᠬᠠᠮᠤᠬ ᠤᠨ ᠦᠡᠳᠦᠷ ᠱᠠᠩᠨᠠᠯ᠂ ᠨᠡᠷ᠎ᠡ ᠬᠦᠨᠳᠦ ᠲᠡᠢ᠂ ᠵᠢᠯ ᠳᠤ ᠬᠤᠶᠠᠷ ᠤᠳᠠᠭ᠎ᠠ ᠪᠣᠯᠳᠠᠭ ᠮᠠᠵᠤᠷ ᠲᠡᠮᠡᠴᠡᠭᠡᠨ ᠤ ᠡᠬᠢᠨ ᠤ ᠬᠢᠨᠢ ᠪᠤᠶᠤ︽BLAST.tv Paris Major 2023 ︾ᠡᠨᠡ ᠣᠨ ᠤ ᠲᠠᠪᠤᠳᠤᠭᠠᠷ ᠰᠠᠷ᠎ᠠ ᠳᠤ ᠹᠷᠠᠨᠼᠢ ᠤᠯᠤᠰ ᠲᠤ ᠪᠣᠯᠤᠨ᠎ᠠ᠃
ᠲᠤᠰ ᠲᠡᠮᠡᠴᠡᠭᠡᠨ ᠳᠤ ᠤᠷᠦᠯᠴᠡᠬᠤ ᠪᠠᠭ ᠤᠳ ᠢ ᠭᠤᠷᠪᠠᠨ ᠪᠦᠰᠡ ᠶᠢᠨ ᠰᠣᠩᠭᠤᠨ ᠰᠢᠯᠭᠠᠷᠠᠭᠤᠯᠤᠯᠲᠠ ᠪᠠᠷ ᠲᠣᠳᠣᠷᠠᠭᠤᠯᠬᠤ ᠪᠠ ᠠᠽᠢᠶ᠎ᠠ ᠶᠢᠨ ᠰᠣᠩᠭᠤᠨ ᠰᠢᠯᠭᠠᠷᠠᠭᠤᠯᠤᠯᠲᠠ ᠶᠢᠨ ᠲᠡᠮᠡᠴᠡᠭᠡᠨ ᠪᠤᠶᠤ Asian RMR ᠳᠥᠷᠪᠡᠳᠦᠭᠡᠷ ᠰᠠᠷ᠎ᠠ ᠳᠤ ᠤᠯᠠᠭᠠᠨᠪᠠᠭᠠᠲᠤᠷ ᠬᠤᠲᠠ ᠳᠤ ᠪᠣᠯᠬᠤ ᠤᠴᠢᠷ ᠲᠠᠢ᠃ ᠲᠡᠮᠡᠴᠡᠭᠡᠨ ᠳᠤ ᠨᠡᠶᠢᠲᠡ 8 ᠪᠠᠭ ᠤᠷᠦᠯᠴᠡᠬᠤ ᠪᠥᠭᠡᠳ ᠡᠬᠢᠨ ᠤ 6 ᠪᠠᠭ ᠤᠨ ᠨᠡᠷ᠎ᠡ ᠲᠣᠳᠣᠷᠠᠯ᠎ᠠ᠃ ᠬᠢᠲᠠᠳ ᠤᠨ ᠪᠦᠰᠡ ᠠᠴᠠ Tyloo᠂ Rare Atom᠂ ᠨᠤᠮᠦᠬᠠᠠ ᠳᠠᠯᠠᠢ ᠶᠢᠨ ᠪᠦᠰᠡ ᠠᠴᠠ Grayhound᠂ Vertex᠂ ᠠᠽᠢᠶ᠎ᠠ ᠶᠢᠨ ᠪᠦᠰᠡ ᠠᠴᠠ ᠮᠣᠩᠭᠣᠯ ᠤᠨ IHC Esports᠂ Eruption ᠪᠠᠭ ᠤᠳ ᠡᠷᠬᠡ ᠪᠠᠨ ᠠᠪᠤᠭᠰᠠᠨ ᠪᠣᠯ ᠳᠤᠮᠳᠠᠳᠤ ᠠᠽᠢᠶ᠎ᠠ ᠶᠢᠨ ᠪᠦᠰᠡ ᠠᠴᠠ ᠤᠷᠦᠯᠴᠡᠬᠤ ᠬᠤᠶᠠᠷ ᠪᠠᠭ ᠤᠨ ᠨᠡᠷ᠎ᠡ ᠲᠣᠳᠣᠷᠠᠭ᠎ᠠ ᠦᠭᠡᠢ ᠪᠠᠶᠢᠨ᠎ᠡ᠃