ᠡᠯᠴᠢᠨ ᠰᠠᠶᠢᠳ ᠫ᠊ · ᠰᠡᠷᠭᠦᠯᠡᠩ  ᠢᠳᠡᠭᠡᠮᠵᠢᠯᠡᠬᠦ ᠵᠢᠭᠤᠬᠤ ᠪᠠᠨ ᠡᠷᠭᠦᠨ ᠪᠠᠷᠢᠯ᠎ᠠ | News.MN

ᠡᠯᠴᠢᠨ ᠰᠠᠶᠢᠳ ᠫ᠊ · ᠰᠡᠷᠭᠦᠯᠡᠩ  ᠢᠳᠡᠭᠡᠮᠵᠢᠯᠡᠬᠦ ᠵᠢᠭᠤᠬᠤ ᠪᠠᠨ ᠡᠷᠭᠦᠨ ᠪᠠᠷᠢᠯ᠎ᠠ

ᠮᠣᠩᠭᠤᠯ ᠤᠯᠤᠰ ᠠᠴᠠ ᠺᠠᠲ᠋ᠠᠷ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠫ᠊ · ᠰᠡᠷᠭᠦᠯᠡᠩ  ᠲᠤᠰ ᠤᠯᠤᠰ ᠤᠨ ᠭᠠᠳᠠᠭᠠᠳᠤ ᠬᠡᠷᠡᠭ ᠤᠨ ᠠᠰᠠᠭᠤᠳᠠᠯ ᠡᠷᠬᠢᠯᠡᠭᠰᠡᠨ ᠲᠥᠷᠦ ᠶᠢᠨ ᠰᠠᠶᠢᠳ ᠰᠤᠯᠲ᠋ᠠᠨ ᠠᠯᠢ ᠮᠤᠷᠠᠢᠾᠢ  ᠲᠠᠢ ᠥᠴᠥᠭᠡᠳᠦᠷ ᠠᠭᠤᠯᠵᠠᠵᠤ᠂  ᠢᠳᠡᠭᠡᠮᠵᠢᠯᠡᠬᠦ ᠵᠢᠭᠤᠬᠤ ᠪᠢᠴᠢᠭ ᠤᠨ ᠬᠤᠪᠢ ᠶᠢ ᠭᠠᠷᠳᠠᠭᠤᠯᠵᠠᠢ᠃

ᠠᠭᠤᠯᠵᠠᠯᠲᠠ ᠶᠢᠨ ᠡᠬᠢᠨ ᠳᠤ ᠡᠯᠴᠢᠨ ᠰᠠᠶᠢᠳ ᠫ᠊ ·ᠰᠡᠷᠭᠦᠯᠡᠩ ᠡᠨᠡ ᠣᠨ ᠳᠤ ᠮᠣᠩᠭᠤᠯ᠂ ᠺᠠᠲ᠋ᠠᠷ ᠤᠨ ᠬᠤᠭᠤᠷᠦᠡᠳᠦ ᠳ᠋ᠢᠫᠯᠤᠮᠠᠲ ᠬᠠᠷᠢᠯᠴᠠᠭ᠎ᠠ ᠲᠣᠭᠲᠠᠭᠠᠭᠰᠠᠨ ᠤ 25 ᠵᠢᠯ ᠤᠨ ᠣᠶ ᠲᠣᠬᠢᠶᠠᠵᠤ ᠪᠤᠢ ᠶᠢ ᠲᠡᠮᠳᠡᠭᠯᠡᠭᠡᠳ᠂ ᠬᠤᠶᠠᠷ ᠣᠷᠣᠨ ᠤ  ᠤᠯᠤᠰ ᠲᠥᠷᠦ ᠶᠢᠨ ᠨᠠᠶᠢᠷᠰᠠᠭ ᠰᠠᠶᠢᠨ ᠬᠠᠷᠢᠯᠴᠠᠭᠠᠨ ᠳᠤ ᠲᠤᠯᠭᠠᠭᠤᠷᠢᠯᠠᠨ ᠡᠳ᠋ ᠤᠨ ᠵᠠᠰᠠᠭ᠂ ᠬᠤᠳᠠᠯᠳᠤᠭ᠎ᠠ᠂ ᠬᠥᠷᠥᠩᠭᠡ ᠣᠷᠤᠭᠤᠯᠤᠯᠲᠠ᠂ ᠰᠤᠶᠦᠯ᠂ ᠠᠶᠠᠯᠠᠯ ᠵᠢᠭᠤᠯᠴᠢᠯᠠᠯ ᠵᠡᠷᠭᠡ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ ᠪᠠᠷ ᠵᠣᠷᠢᠵᠤ ᠠᠵᠢᠯᠯᠠᠬᠤ ᠪᠠᠨ ᠮᠡᠳᠡᠭᠳᠡᠵᠡᠢ᠃

ᠢᠷᠡᠬᠦ ᠭᠤᠷᠪᠠᠳᠤᠭᠠᠷ ᠰᠠᠷ᠎ᠠ ᠶᠢᠨ 5-6 ᠳᠤ ᠮᠣᠩᠭᠣᠯ ᠤᠨ ᠰᠤᠶᠦᠯ ᠤᠷᠠᠯᠢᠭ ᠤᠨ ᠲᠣᠭᠯᠠᠯᠲᠠ᠂ ᠪᠢᠽᠨᠧᠰ ᠹᠤᠷᠤᠮ᠂ ᠵᠠᠭᠪᠤᠷ ᠤᠨ  ᠴᠡᠩᠭᠡᠭᠦᠨ  ᠪᠦᠬᠦᠢ︽ᠮᠣᠩᠭᠣᠯ ᠤᠨ ᠡᠳᠦᠷ ᠤᠳ︾ᠴᠣᠭᠴᠠ ᠦᠶᠯᠡ ᠠᠵᠢᠯᠯᠠᠭ᠎ᠠ ᠶᠢ ᠳ᠋ᠤᠾᠠ ᠬᠤᠲᠠᠨ᠎ᠠ ᠵᠣᠬᠢᠶᠠᠨ ᠪᠠᠶᠢᠭᠤᠯᠬᠤ ᠪᠠᠷ ᠲᠥᠯᠥᠪᠯᠡᠵᠦ ᠪᠠᠶᠢᠭ᠎ᠠ ᠶᠢ ᠳᠤᠷᠠᠳᠤᠭᠠᠳ᠂ ᠡᠨᠡ ᠠᠵᠢᠯ ᠢ ᠠᠮᠵᠢᠯᠲᠠᠲᠠᠶ ᠵᠣᠬᠢᠶᠠᠨ ᠪᠠᠶᠢᠭᠤᠯᠬᠤ ᠳᠤ ᠭᠠᠳᠠᠭᠠᠳᠤ ᠬᠡᠷᠡᠭ ᠤᠨ ᠶᠠᠮᠤᠨ ᠳᠡᠮᠵᠢᠬᠦ ᠶᠢ  ᠬᠦᠰᠡᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ