ᠳ ∙ ᠮᠦᠩᠬᠡᠵᠤᠯᠠ ᠰᠢᠯᠢᠳᠡᠭ ᠷᠠᠫᠢᠳ᠋ ᠲᠠᠮᠢᠷᠴᠢᠨ ᠪᠣᠯᠵᠠᠢ | News.MN

ᠳ ∙ ᠮᠦᠩᠬᠡᠵᠤᠯᠠ ᠰᠢᠯᠢᠳᠡᠭ ᠷᠠᠫᠢᠳ᠋ ᠲᠠᠮᠢᠷᠴᠢᠨ ᠪᠣᠯᠵᠠᠢ

ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠤ ᠮᠠᠰᠲ᠋ᠸᠷ ᠳ ∙ ᠮᠦᠩᠬᠡᠵᠤᠯᠠ ᠠᠽᠢᠶ᠎ᠠ ᠲᠢᠪ ᠦᠨ ᠰᠢᠯᠢᠳᠡᠭ ᠥᠰᠪᠦᠷᠢ ᠶᠢᠨ ᠷᠠᠫᠢᠳ᠋ ᠲᠠᠮᠢᠷᠴᠢᠨ ᠨᠤᠮᠢᠨᠠᠼ ᠤᠨ ᠡᠵᠡᠨ ᠪᠣᠯᠤᠭᠰᠠᠨ ᠲᠤᠬᠠᠢ ᠮᠣᠩᠭᠣᠯ ᠤᠨ ᠰᠢᠲᠠᠷ᠎ᠠ ᠶᠢᠨ ᠬᠣᠯᠪᠣᠭᠠᠨ ᠠᠴᠠ ᠮᠡᠳᠡᠭᠡᠯᠡᠯ᠎ᠡ᠃
ᠲᠡᠷᠡᠪᠡᠷ 2014 ᠣᠨ ᠳᠤ ᠡᠮᠦᠨᠡᠲᠦ ᠠᠹᠷᠢᠺᠠ ᠶᠢᠨ ᠪᠦᠭᠦᠳᠡ ᠨᠠᠶᠢᠷᠠᠮᠳᠠᠬᠤ ᠤᠯᠤᠰ ᠲᠤ ᠵᠣᠬᠢᠶᠠᠭᠳᠠᠭᠰᠠᠨ ᠥᠰᠪᠦᠷᠢ ᠶᠢᠨ ᠰᠢᠲᠠᠷᠠᠴᠢᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠨᠠᠢ᠌ᠮᠠ ᠬᠦᠷᠲᠡᠯᠡᠬᠢ ᠨᠠᠰᠤᠨ ᠤ ᠠᠩᠭᠢᠯᠠᠯ ᠳᠤ ᠲᠡᠷᠢᠭᠦᠨ ᠪᠠᠶᠢᠷᠢ ᠡᠵᠡᠯᠡᠵᠦ᠂ ᠳᠡᠯᠡᠬᠡᠢ ᠶᠢᠨ ᠠᠪᠤᠷᠭᠤ ᠶᠢᠨ ᠠᠩᠬᠠᠨ ᠤ ᠴᠣᠮᠣ ᠪᠠᠨ ᠡᠷᠭᠦᠵᠦ ᠪᠠᠶᠢᠪᠠ᠃
ᠮᠥᠨ  ᠷᠤᠮᠠ ᠤᠯᠤᠰ ᠲᠤ ᠥᠩᠭᠡᠷᠡᠭᠰᠡᠨ ᠣᠨ ᠳᠤ ᠪᠣᠯᠤᠭᠰᠠᠨ ᠥᠰᠪᠦᠷᠢ ᠶᠢᠨ ᠰᠢᠲᠠᠷᠠᠴᠢᠳ ᠤᠨ 14᠂ 16᠂ 18 ᠨᠠᠰᠤᠨ ᠤ ᠠᠩᠭᠢᠯᠠᠯ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 11 ᠥᠷᠥᠭ ᠡᠴᠡ 8.5 ᠣᠨᠣᠭ᠎ᠠ ᠠᠪᠴᠤ ᠬᠣᠵᠢᠭᠳᠠᠯ ᠦᠭᠡᠢ  ᠲᠦᠷᠦᠭᠦᠯᠦᠭᠰᠡᠨ ᠢᠶᠡᠷ ᠳᠡᠯᠡᠬᠡᠢ ᠶᠢᠨ ᠬᠣᠱᠣᠢ ᠠᠪᠤᠷᠭᠤ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ