《ᠬᠥᠬᠡ ᠰᠤᠪᠤᠳ》 ᠮᠥᠰᠦᠨ ᠦ ᠪᠠᠶᠠᠷ ᠢ ᠰᠠᠨᠠᠭᠠᠴᠢᠯᠠᠭᠴᠢᠳ ᠤᠨ ᠨᠢᠭᠡ ᠬᠥᠪᠰᠥᠭᠥᠯ ᠦᠨ ᠤᠯᠠᠭᠠᠨ ᠲᠠᠶᠢᠭ᠎ᠠ ᠶᠢᠨ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠳᠠᠷᠤᠭ᠎ᠠ ᠵᠠᠯ᠎ᠠ ᠶᠢᠨ ᠲᠡᠮᠦᠷᠰᠦ᠋ᠬᠡ ᠳᠦ ᠠᠶᠢᠮᠠᠭ ᠤᠨ ᠵᠠᠰᠠᠭ ᠳᠠᠷᠤᠭ᠎ᠠ ᠱ ∙ ᠢᠳᠡᠷᠪᠠᠶᠠᠰᠬᠤᠯᠠᠩ ᠬᠦᠨᠳᠦᠳᠬᠡᠯ ᠦᠵᠡᠭᠦᠯᠦᠯ᠎ᠡ᠃
ᠬᠥᠪᠰᠥᠭᠥᠯ ᠠᠶᠢᠮᠠᠭ ᠤᠨ ᠬᠠᠳᠬᠠᠯ ᠲᠣᠰᠬᠣᠨ ᠳᠤ 2000 ᠣᠨ ᠳᠤ《ᠳᠠᠯᠠᠢ ᠡᠵᠢ》ᠬᠡᠮᠡᠨ ᠬᠦᠨᠳᠦᠯᠡᠨ ᠨᠡᠷᠡᠯᠡᠳᠡᠭ ᠬᠥᠪᠰᠥᠭᠥᠯ ᠨᠠᠭᠤᠷ ᠢ ᠬᠠᠮᠠᠭᠠᠯᠠᠬᠤ᠂ ᠡᠪᠦᠯ ᠦᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠵᠣᠷᠢᠯᠭ᠎ᠠ ᠪᠠᠷ ᠬᠥᠪᠰᠥᠭᠥᠯ ᠦᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠪᠠᠶᠢᠭᠠᠯᠢ ᠣᠷᠴᠢᠨ ᠤ ᠪᠠᠶᠢᠴᠠᠭᠠᠭᠴᠢ ᠪᠠᠷ ᠠᠵᠢᠯᠯᠠᠵᠤ ᠪᠠᠶᠢᠭᠰᠠᠨ ᠳ ∙ ᠯᠾᠬᠠᠪᠠᠴᠤᠭᠲᠤ᠂ ᠵ ∙ ᠲᠡᠮᠦᠷᠰᠦ᠋ᠬᠡ ᠨᠠᠷ ᠤᠨ ᠰᠠᠨᠠᠭᠠᠴᠢᠯᠭ᠎ᠠ ᠪᠠᠷ 《ᠰᠠᠩᠲᠤ ᠶᠢᠨ ᠥᠪᠥᠷ》 ᠭᠡᠳᠡᠭ ᠭᠠᠵᠠᠷ ᠮᠥᠰᠦᠨ ᠦ ᠪᠠᠶᠠᠷ ᠬᠢᠵᠦ᠂ ᠠᠷᠪᠠᠭᠠᠳ ᠴᠢᠷᠭ᠎ᠠ ᠲᠠᠢ ᠮᠣᠷᠢᠨ ᠤ ᠤᠷᠤᠯᠳᠤᠭᠠᠨ ᠳᠤ ᠨᠤᠲᠤᠭ ᠤᠨ ᠢᠷᠭᠡᠳ ᠣᠷᠣᠯᠴᠠᠵᠤ ᠪᠠᠶᠢᠭᠰᠠᠨ᠃ ᠬᠠᠷᠢᠨ 2001 ᠣᠨ ᠠᠴᠠ ᠮᠥᠰᠦᠨ ᠦ ᠪᠠᠶᠠᠷ ᠤᠨ ᠬᠦᠷᠢᠶ᠎ᠡ ᠲᠡᠯᠡᠭᠰᠡᠭᠡᠷ ᠥᠨᠥᠳᠥᠷ ᠢ ᠬᠦᠷᠲᠡᠯ᠎ᠡ ᠤᠯᠠᠮᠵᠢᠯᠠᠯ ᠪᠣᠯᠭᠠᠨ ᠲᠡᠮᠳᠡᠭᠯᠡᠵᠦ᠂ ᠮᠣᠩᠭᠣᠯ ᠤᠯᠤᠰ ᠲᠤ ᠡᠪᠦᠯ ᠦᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠨᠢᠭᠡᠨ ᠴᠢᠬᠤᠯᠠ ᠠᠵᠢᠯ ᠪᠣᠯᠵᠤ ᠥᠷᠭᠡᠵᠢᠨ ᠬᠥᠭᠵᠢᠵᠦ ᠪᠠᠶᠢᠭ᠎ᠠ ᠶᠤᠮ᠃