ᠮᠠᠯ ᠤᠨ ᠵᠦᠢ ᠪᠤᠰᠤ ᠬᠣᠷᠣᠭᠳᠠᠯ 33447 ᠲᠣᠯᠣᠭᠠᠢ ᠳᠤ ᠬᠦᠷᠴᠡᠢ | News.MN

ᠮᠠᠯ ᠤᠨ ᠵᠦᠢ ᠪᠤᠰᠤ ᠬᠣᠷᠣᠭᠳᠠᠯ 33447 ᠲᠣᠯᠣᠭᠠᠢ ᠳᠤ ᠬᠦᠷᠴᠡᠢ

ᠰᠡᠭᠦᠯ ᠦᠨ ᠦᠶ᠎ᠡ ᠳᠦ ᠬᠢᠭᠰᠡᠨ ᠰᠤᠳᠤᠯᠭ᠎ᠠ ᠪᠠᠷ᠂ ᠬᠤᠪᠳᠤ ᠠᠢᠮᠠᠭ ᠲᠤ ᠮᠠᠯ ᠤᠨ ᠬᠣᠷᠣᠭᠳᠠᠯ ᠡᠳᠦᠷ ᠡᠴᠡ ᠡᠳᠦᠷ ᠲᠦ ᠨᠡᠮᠡᠭᠳᠡᠵᠦ ᠪᠠᠶᠢᠨ᠎ᠠ᠃ ᠬᠣᠷᠣᠭᠳᠠᠯ ᠤᠨ ᠮᠡᠳᠡᠭᠡ ᠶᠢ ᠳᠣᠯᠣᠭ᠎ᠠ ᠬᠣᠨᠣᠭ ᠪᠦᠷᠢ ᠠᠪᠴᠤ ᠪᠠᠶᠢᠭ᠎ᠠ ᠪᠠ ᠠᠯᠪᠠᠨ ᠤ ᠡᠬᠢ ᠰᠤᠷᠪᠤᠯᠵᠢ ᠶᠢᠨ ᠮᠡᠳᠡᠭᠡᠯᠡᠭᠰᠡᠨ ᠢᠶᠡᠷ᠂ 2023 ᠣᠨ ᠤ 3 ᠳ᠋ᠤᠭᠠᠷ ᠰᠠᠷ᠎ᠠ ᠶᠢᠨ 2 ᠤ ᠡᠳᠦᠷ ᠦᠨ ᠪᠠᠶᠢᠳᠠᠯ ᠢᠶᠠᠷ ᠬᠣᠪᠳᠣ ᠠᠶᠢᠮᠠᠭ ᠲᠤ ᠮᠠᠯ ᠤᠨ ᠬᠣᠷᠣᠭᠳᠠᠯ 33447 ᠲᠣᠯᠣᠭᠠᠢ ᠳᠤ ᠬᠦᠷᠴᠡᠢ᠃
ᠡᠭᠦᠨ ᠦ ᠶᠡᠬᠡᠩᠬᠢ ᠬᠤᠪᠢ ᠶᠢ ᠢᠮᠠᠭ᠎ᠠ ᠡᠵᠡᠯᠡᠵᠦ ᠪᠠᠶᠢᠨ᠎ᠠ᠃ ᠪᠡᠯᠴᠢᠭᠡᠷ ᠡᠪᠡᠰᠦ ᠦᠭᠡᠢ᠂ ᠰᠥᠨᠢ ᠳᠦ ᠪᠡᠨ ᠬᠦᠢᠲᠡᠨ ᠬᠣᠨᠣᠵᠤ ᠪᠠᠶᠢᠭ᠎ᠠ ᠠᠴᠠ ᠮᠠᠯ ᠤᠨ ᠬᠡᠪᠲᠡᠷᠢ ᠪᠠᠭᠤᠴᠠ ᠵᠢᠩᠳᠡᠵᠦ᠂ ᠡᠬᠡ ᠮᠠᠯ ᠬᠡᠭᠡᠯ ᠬᠠᠶᠠᠬᠤ ᠡᠷᠡᠰᠳᠡᠯ ᠥᠨᠳᠥᠷ ᠪᠠᠶᠢᠨ᠎ᠠ ᠭᠡᠵᠦ ᠮᠡᠷᠭᠡᠵᠢᠯ ᠦᠨ ᠪᠠᠶᠢᠭᠤᠯᠤᠯᠭ᠎ᠠ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ