ᠮᠣᠩᠭᠣᠯ ᠤᠨ ᠤᠳᠬ᠎ᠠ ᠵᠣᠬᠢᠶᠠᠯ ᠹᠷᠠᠨᠼᠢ ᠳᠤ | News.MN

ᠮᠣᠩᠭᠣᠯ ᠤᠨ ᠤᠳᠬ᠎ᠠ ᠵᠣᠬᠢᠶᠠᠯ ᠹᠷᠠᠨᠼᠢ ᠳᠤ

ᠹᠷᠠᠨᠼᠢ ᠶᠢᠨ ᠢᠷᠠᠭᠤ ᠨᠠᠶᠢᠷᠠᠭᠴᠢ᠂ ᠤᠳᠬ᠎ᠠ ᠵᠣᠬᠢᠶᠠᠯ ᠰᠤᠳᠤᠯᠤᠭᠠᠴᠢ᠂ ᠰᠢᠭᠦᠮᠵᠢᠯᠡᠭᠴᠢ Marie-Christine Guidon ᠮᠣᠩᠭᠣᠯ ᠣᠷᠣᠨ᠂ ᠨᠡᠭᠦᠳᠡᠯᠴᠢᠨ ᠠᠬᠤᠢ ᠰᠤᠶᠤᠯ ᠤᠨ ᠲᠠᠯ᠎ᠠ ᠪᠠᠷ ᠦᠭᠦᠯᠡᠭᠰᠡᠨ ᠤᠷᠠᠨ ᠪᠦᠲᠦᠭᠡᠯ ᠦᠨ ᠳᠡᠭᠡᠵᠢ ᠡᠴᠡ ᠪᠡᠨ ᠫᠠᠷᠢᠰ ᠳᠠᠬᠢ ᠮᠣᠩᠭᠣᠯ ᠤᠯᠤᠰ ᠤᠨ ᠡᠯᠴᠢᠨ ᠰᠠᠶᠢᠳ ᠤᠨ ᠶᠠᠮᠤᠨ ᠳᠦ ᠢᠷᠡᠭᠦᠯᠦᠭᠰᠡᠨ ᠪᠠᠶᠢᠨ᠎ᠠ᠃ ᠲᠡᠷᠡ ᠪᠡᠷ《ᠤᠳ᠋ᠪᠠᠯ᠎ᠠ》᠂《ᠨᠡᠭᠦᠳᠡᠯᠴᠢᠳ ᠦᠨ ᠨᠠᠶᠢᠷᠠᠭ》 ᠰᠢᠯᠦᠭ ᠦᠨ ᠲᠡᠭᠦᠪᠦᠷᠢ ᠪᠡᠨ ᠬᠡᠪᠯᠡᠭᠦᠯᠵᠦ ᠹᠷᠠᠨᠼᠢ ᠶᠢᠨ ᠤᠩᠰᠢᠭᠴᠢᠳ ᠤᠨ ᠬᠦᠷᠲᠡᠭᠡᠯ ᠪᠣᠯᠭᠠᠵᠠᠢ᠃
ᠬᠠᠲᠤᠭᠲᠠᠢ Marie-Christine Guidon《ᠬᠢᠯᠢ ᠬᠢᠵᠠᠭᠠᠷ ᠦᠭᠡᠢ ᠢᠷᠠᠭᠤ ᠨᠠᠶᠢᠷᠠᠭ》ᠣᠯᠠᠨ ᠤᠯᠤᠰ ᠤᠨ ᠵᠣᠬᠢᠶᠠᠯᠴᠢᠳ ᠤᠨ ᠰᠡᠳᠬᠦᠯ ᠳᠦ ᠮᠣᠩᠭᠣᠯ ᠤᠨ ᠣᠷᠴᠢᠨ ᠴᠠᠭ ᠤᠨ ᠤᠳᠬ᠎ᠠ ᠵᠣᠬᠢᠶᠠᠯ ᠢ ᠦᠨᠳᠦᠰᠦᠯᠡᠭᠴᠢᠳ ᠦᠨ ᠨᠢᠭᠡ ᠳᠠᠰᠢᠳᠣᠷᠵᠢ ᠶᠢᠨ ᠨᠠᠴᠤᠭᠳᠣᠷᠵᠢ ᠶᠢᠨ ᠲᠤᠬᠠᠢ᠂  ᠮᠦᠨ《ᠮᠢᠨᠦ ᠨᠤᠲᠤᠭ》ᠰᠢᠯᠦᠭ ᠢ ᠨᠢ ᠬᠡᠪᠯᠡᠭᠦᠯᠵᠡᠢ᠃ ᠲᠡᠭᠦᠨᠴᠢᠯᠡᠨ 2023 ᠣᠨ ᠤ ᠭᠤᠷᠪᠠᠳᠤᠭᠠᠷ ᠰᠠᠷ᠎ᠠ ᠶᠢᠨ ᠳ᠋ᠤᠭᠠᠷ ᠲᠤ ᠵᠠᠯᠠᠭᠤ ᠢᠷᠠᠭᠤ ᠨᠠᠶᠢᠷᠠᠭᠴᠢ ᠣ᠊ ∙ ᠴᠡᠨᠳᠡ-ᠠᠶᠤᠱᠢ ᠶᠢᠨ ᠪᠦᠲᠦᠭᠡᠯ ᠡᠴᠡ ᠹᠷᠠᠨᠼᠢ ᠬᠡᠯᠡᠲᠡᠨ ᠤᠩᠰᠢᠭᠴᠢᠳ ᠲᠤ ᠲᠠᠨᠢᠯᠴᠠᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ