ᠠᠬᠤᠢ ᠶᠢᠨ ᠵᠣᠷᠢᠭᠤᠯᠤᠯᠲᠠ ᠪᠠᠷ 2000 ᠵᠢᠭᠠᠰᠤ ᠠᠩᠨᠠᠬᠤ ᠶᠢ ᠵᠥᠪᠰᠢᠶᠡᠷᠡᠪᠡ | News.MN

ᠠᠬᠤᠢ ᠶᠢᠨ ᠵᠣᠷᠢᠭᠤᠯᠤᠯᠲᠠ ᠪᠠᠷ 2000 ᠵᠢᠭᠠᠰᠤ ᠠᠩᠨᠠᠬᠤ ᠶᠢ ᠵᠥᠪᠰᠢᠶᠡᠷᠡᠪᠡ

ᠪᠠᠶᠠᠨ ᠥᠯᠥᠭᠡᠶ ᠠᠶᠢᠮᠠᠭ ᠤᠨ ᠢᠷᠭᠡᠳ ᠤᠨ ᠲᠥᠯᠥᠭᠡᠯᠡᠭᠴᠢᠳ ᠤᠨ ᠬᠤᠷᠠᠯ ᠠᠴᠠ 2023 ᠣᠨ ᠳᠤ ᠠᠬᠤᠢ ᠶᠢᠨ ᠪᠤᠯᠦᠠ ᠦᠢᠯᠡᠳᠪᠦᠷᠢᠯᠡᠯ ᠤᠨ ᠵᠣᠷᠢᠭᠤᠯᠤᠯᠲᠠ ᠪᠠᠷ ᠠᠩᠨᠡᠬᠤ᠂ ᠪᠡᠷᠢᠬᠤ ᠵᠢᠭᠠᠰᠤᠨ ᠤ ᠲᠡᠭᠡᠳᠦ ᠬᠢᠵᠠᠭᠠᠷ ᠢ ᠲᠣᠭᠲᠠᠭᠠᠯ᠎ᠠ᠃ ᠡᠭᠦᠨ ᠳᠤ ᠠᠯᠲᠠᠢ ᠰᠤᠮᠤ︵ ᠰᠠᠭᠰᠠᠶ ᠭᠤᠣᠯ︶  ᠳᠦ150᠂ ᠠᠯᠲᠠᠨᠴᠥ᠋ᠭᠦᠴᠡ᠂ ᠪᠤᠶᠠᠨᠲᠤ᠂ ᠪᠤᠭᠤᠲᠤ᠂ ᠤᠯᠠᠭᠠᠨᠬᠤᠰᠤ᠂ ᠴᠡᠩᠭᠡᠯ᠂ ᠨᠣᠭᠤᠭᠠᠨᠨᠠᠭᠤᠷ᠂ ᠪᠠᠶᠠᠨᠨᠠᠭᠤᠷ᠂ ᠰᠠᠭᠰᠠᠶ᠂ ᠥᠯᠥᠭᠡᠶ ᠰᠤᠮᠤ︵ᠰᠠᠭᠰᠠᠶ᠂ ᠬᠤᠪᠳᠤ ᠭᠤᠣᠯ︶ ᠳᠦ ᠲᠤᠰᠪᠦᠷᠢ 100᠂ ᠳᠡᠯᠢᠭᠦᠨ︵ᠲᠡᠯ᠎ᠠ ᠨᠠᠭᠤᠷ︶᠂ ᠲᠣᠯᠪᠤ︵ᠲᠣᠯᠪᠤ ᠨᠠᠭᠤᠷ︶ ᠰᠤᠮᠤᠨ ᠳᠤ ᠲᠤᠰᠪᠦᠷᠢ 500᠂ ᠨᠡᠶᠢᠲᠡ 2000 ᠰᠢᠷᠭᠡᠭ ᠵᠢᠭᠠᠰᠤ ᠶᠢ ᠠᠬᠤᠢ ᠶᠢᠨ ᠵᠣᠷᠢᠭᠤᠯᠤᠯᠲᠠ ᠪᠠᠷ ᠪᠠᠷᠢᠬᠤ ᠶᠢ ᠵᠥᠪᠰᠢᠶᠡᠷᠡᠭᠰᠡᠨ ᠪᠠᠶᠢᠨ᠎ᠡ᠃

ᠮᠦᠨ ᠲᠣᠯᠪᠤ ᠨᠠᠭᠤᠷ ᠠᠴᠠ 15 ᠲᠣᠨ ᠨᠣᠬᠠᠶ ᠰᠤᠭᠤᠰᠤ᠂  ᠰᠢᠷ᠎ᠠ ᠰᠤᠭᠤᠰᠤ ᠶᠢ ᠦᠢᠯᠡᠳᠪᠦᠷᠢᠯᠡᠯ ᠤᠨ ᠵᠣᠷᠢᠭᠤᠯᠤᠯᠲᠠ ᠪᠠᠷ ᠠᠩᠨᠡᠬᠤ  ᠶᠢ ᠵᠦᠪᠰᠢᠶᠡᠷᠡᠵᠡᠢ᠃ ᠪᠠᠶᠠᠨ ᠥᠯᠥᠭᠡᠶ ᠠᠶᠢᠮᠠᠭ ᠤᠨ ᠨᠤᠳᠤᠬ ᠳᠡᠪᠢᠰᠬᠡᠷ  ᠲᠡᠬᠢ ᠭᠤᠣᠯ ᠨᠠᠭᠤᠷ ᠤᠳ ᠲᠤ ᠢᠳᠡᠭᠡᠰᠢᠨ ᠨᠤᠲᠤᠭᠯᠠᠳᠠᠭ ᠠᠯᠲᠠᠢ ᠶᠢᠨ ᠰᠤᠭᠤᠰᠤ ᠵᠢᠭᠠᠰᠤ ᠶᠢ ᠵᠢᠯ ᠪᠦᠷᠢ ᠶᠢᠨ 6 ᠳ᠋ᠤᠭᠠᠷ ᠰᠠᠷ᠎ᠠ ᠶᠢᠨ 15 ᠤ ᠡᠳᠦᠷ ᠠᠴᠠ 8 ᠳ᠋ᠤᠭᠠᠷ ᠰᠠᠷ᠎ᠠ ᠶᠢᠨ 31  ᠬᠦᠷᠳᠡᠯ᠎ᠠ᠂ ᠮᠣᠩᠭᠤᠯ ᠬᠠᠳᠤᠷᠠᠨ ᠢ ᠵᠢᠯ ᠪᠦᠷᠢ ᠶᠢᠨ 4 ᠳ᠋ᠦ᠋ᠭᠡᠷ ᠰᠠᠷ᠎ᠠ ᠶᠢᠨ ᠨᠢᠭᠡᠨ ᠠᠴᠠ 6 ᠳ᠋ᠤᠭᠠᠷ ᠰᠠᠷ᠎ᠠ ᠶᠢᠨ 15 ᠬᠦᠷᠳᠡᠯ᠎ᠠ ᠠᠩᠨᠡᠬᠤ ᠬᠤᠷᠢᠭᠠᠲᠠᠶ ᠪᠠᠶᠢᠳᠠᠭ᠃

ᠰᠡᠳᠬᠢᠭᠳᠡᠯ ᠦᠯᠡᠳᠡᠭᠡᠬᠦ