︽ᠲᠠᠶᠢᠬᠠᠷ ᠲᠠᠲᠠᠯᠠᠪᠤᠷᠢ︾ᠦᠨᠳᠦᠰᠦᠨ ᠤ ᠪᠢᠴᠢᠭ᠂  ᠡᠬᠡ ᠬᠡᠯᠡᠨ ᠤ ᠰᠤᠷᠭᠠᠯᠲᠠ ᠶᠢᠨ ᠲᠥᠪ ᠢ ᠨᠡᠭᠡᠭᠡᠯ᠎ᠡ | News.MN

 ︽ᠲᠠᠶᠢᠬᠠᠷ ᠲᠠᠲᠠᠯᠠᠪᠤᠷᠢ︾ᠦᠨᠳᠦᠰᠦᠨ ᠤ ᠪᠢᠴᠢᠭ᠂  ᠡᠬᠡ ᠬᠡᠯᠡᠨ ᠤ ᠰᠤᠷᠭᠠᠯᠲᠠ ᠶᠢᠨ ᠲᠥᠪ ᠢ ᠨᠡᠭᠡᠭᠡᠯ᠎ᠡ

ᠠᠷᠤᠬᠠᠩᠭᠠᠢ ᠠᠶᠢᠮᠠᠭ ᠲᠤ︽ᠲᠠᠶᠢᠬᠠᠷ ᠲᠠᠲᠠᠯᠠᠪᠤᠷᠢ︾ᠦᠨᠳᠦᠰᠦᠨ ᠤ ᠪᠢᠴᠢᠭ᠂ ᠡᠬᠡ ᠬᠡᠯᠡ᠂ ᠰᠣᠶᠣᠯ ᠢᠶᠠᠨ ᠥᠪᠯᠡᠨ ᠤᠯᠠᠮᠵᠢᠯᠠᠬᠤ ᠰᠤᠷᠭᠠᠯᠲᠠ ᠶᠢᠨ ᠲᠥᠪ ᠨᠡᠭᠡᠭᠡᠯᠲᠡ ᠪᠠᠨ ᠬᠢᠯ᠎ᠡ᠃ ᠤᠭ ᠰᠤᠷᠭᠠᠯᠲᠠ ᠶᠢᠨ ᠲᠥᠪ ᠢ ᠥᠪᠯᠡᠨ ᠤᠯᠡᠮᠵᠢᠯᠡᠬᠴᠢ ᠬ᠊ · ᠪᠠᠲᠤᠪᠠᠶᠠᠷ ᠯᠠᠮᠠ ᠰᠠᠨᠠᠭᠠᠴᠢᠯᠠᠨ ᠨᠡᠭᠡᠭᠡᠵᠦ᠂ ᠠᠷᠤᠬᠠᠩᠭᠠᠢ ᠠᠶᠢᠮᠠᠭ ᠤᠨ ᠳᠦᠷᠪᠡᠳᠦᠭᠡᠷ ᠰᠤᠷᠭᠠᠭᠤᠯᠢ ᠶᠢᠨ ᠮᠣᠩᠭᠤᠯ ᠬᠡᠯᠡ᠂ ᠤᠷᠠᠨ ᠵᠣᠬᠢᠶᠠᠯ ᠤᠨ ᠪᠠᠭᠰᠢ ᠪ ∙  ᠴᠡᠷᠡᠨᠳᠡᠵᠢᠳ ᠰᠤᠷᠭᠠᠯᠲᠠ ᠶᠢᠨ ᠦᠶᠯᠡ ᠠᠵᠢᠯᠯᠠᠭ᠎ᠠ ᠶᠢ ᠶᠠᠪᠤᠭᠤᠯᠬᠤ ᠶᠤᠮ᠃ ᠪᠤᠰᠤᠳ ᠰᠤᠷᠭᠠᠭᠤᠯᠢ ᠶᠢᠨ ᠪᠠᠭᠰᠢ᠂ ᠰᠤᠷᠤᠭᠴᠢᠳ ᠲᠤ ᠴᠤ ᠨᠡᠭᠡᠭᠡᠯᠲᠡ ᠲᠠᠢ ᠶᠤᠮ᠃

︽ᠲᠠᠶᠢᠬᠠᠷ ᠲᠠᠲᠠᠯᠠᠪᠤᠷᠢ︾ᠰᠤᠷᠭᠠᠯᠲᠠ ᠶᠢᠨ ᠲᠥᠪ ᠨᠢ ᠦᠨᠳᠦᠰᠦᠨ ᠤ ᠪᠢᠴᠢᠭ᠂ ᠥᠪ ᠰᠣᠶᠤᠯ ᠤᠨ ᠴᠢᠭᠯᠡᠯ ᠢᠶᠠᠷ ᠦᠷ᠎ᠡ ᠬᠡᠦᠬᠡᠳ᠂ ᠢᠷᠡᠭᠡᠳᠦᠶ ᠬᠤᠶᠢᠴᠢ ᠦᠶ᠎ᠡ ᠳᠡᠭᠡᠨ ᠮᠣᠩᠭᠤᠯ ᠳᠠᠷᠬᠠᠯᠠᠭ᠎ᠠ ᠶᠢ ᠰᠠᠭᠤᠯᠭᠠᠵᠤ᠂ ᠪᠢᠴᠢᠭ ᠰᠣᠶᠣᠯ ᠢᠶᠠᠨ ᠥᠪᠯᠡᠭᠦᠯᠵᠦ ᠦᠯᠡᠳᠡᠭᠡᠬᠦ᠂ ᠤᠷᠠᠨ ᠪᠢᠴᠢᠯᠭᠡ ᠶᠢᠨ ᠣᠯᠠᠨ ᠣᠨᠴᠠᠯᠢᠭ ᠪᠦᠲᠦᠭᠡᠯ ᠢ ᠪᠦᠲᠦᠭᠡᠬᠦ ᠵᠣᠷᠢᠯᠭ᠎ᠠ ᠲᠠᠢ᠃
ᠪᠠᠭᠰᠢ ᠪ ∙ᠴᠡᠷᠡᠨᠳᠡᠵᠢᠳ ᠦᠨ ᠬᠤᠪᠢ ᠳᠤ  ᠥᠪᠡᠷ ᠤᠨ ᠰᠤᠷᠭᠠᠭᠤᠯᠢ ᠳᠡᠭᠡᠷ᠎ᠡ ᠪᠠᠨ 2015 ᠣᠨ ᠠᠴᠠ ᠤᠷᠠᠨ ᠪᠢᠴᠢᠯᠭᠡ ᠶᠢᠨ ᠳᠤᠭᠤᠶᠢᠯᠠᠩ ᠢᠶᠡᠨ ᠪᠠᠢᠭᠤᠯᠵᠤ᠂ ᠬᠡᠦᠬᠡᠳ ᠤᠳ ᠲᠤ ᠮᠣᠣᠲᠤᠤ ᠴᠡᠭᠠᠰᠦ᠂ ᠲᠣᠷᠭ᠎ᠠ᠂ ᠳᠠᠪᠤᠤ᠂ ᠬᠠᠮᠪᠤ᠂ ᠬᠤᠷᠠᠭᠠᠨ ᠤ ᠠᠷᠠᠰᠤ ᠵᠡᠷᠭᠡ ᠶᠢᠨ ᠮᠠᠲ᠋ᠧᠷᠢᠶᠠᠯ ᠳᠡᠭᠡᠷ᠎ᠡ ᠮᠣᠩᠭᠤᠯ ᠰᠤᠶᠦᠯ᠂ ᠥᠪ ᠤᠯᠠᠮᠵᠢᠯᠠᠯ ᠢᠶᠠᠨ ᠬᠡᠷᠬᠢᠨ ᠤᠷᠠᠨ ᠪᠢᠴᠢᠵᠦ᠂ ᠣᠨᠴᠠᠯᠢᠭ ᠪᠠᠶᠢᠳᠠᠯ ᠢᠶᠠᠷ ᠪᠦᠲᠦᠭᠡᠬᠦ ᠪᠤᠢ ᠭᠡᠳᠡᠭ ᠢ ᠵᠢᠭᠠᠵᠤ ᠰᠤᠷᠭᠠᠨ᠂ ᠤᠷᠠᠨ ᠪᠦᠲᠦᠭᠡᠯ ᠢᠶᠠᠨ ᠱᠠᠪᠢ ᠨᠠᠷ ᠲᠠᠢ ᠪᠠᠨ ᠬᠠᠮᠲᠤᠷᠠᠨ ᠲᠤᠭᠤᠷᠪᠢᠳᠠᠭ ᠪᠠᠶᠢᠨ᠎ᠡ᠃

ᠰᠡᠳᠬᠢᠭᠳᠡᠯ ᠦᠯᠡᠳᠡᠭᠡᠬᠦ