ᠣᠯᠠᠨ ᠤᠯᠤᠰ ᠤᠨ ᠵᠢᠤᠳᠤᠤ ᠪᠥᠬᠡ ᠶᠢᠨ ᠬᠤᠯᠪᠣᠭ᠎ᠠ︵ IJF︶ ᠶᠢᠨ 2023 ᠣᠨ ᠤ ᠬᠠᠮᠤᠬ ᠤᠨ ᠡᠬᠢᠨ ᠤ ᠲᠡᠮᠡᠴᠡᠭᠡᠨ ᠡᠨᠡ ᠰᠠᠷ᠎ᠠ ᠶᠢᠨ 27-29 ᠳᠦ ᠫᠣᠷᠲ᠋ᠦ᠋ᠭᠠᠯ ᠤᠯᠤᠰ ᠲᠤ ᠪᠣᠯᠣᠭᠰᠠᠨ ᠃ ᠮᠠᠨ ᠤ ᠤᠯᠤᠰ ᠠᠴᠠ ᠵᠠᠯᠠᠭᠤ ᠲᠠᠮᠢᠷᠴᠢᠳ ᠠᠴᠠ ᠪᠦᠷᠢᠳᠦᠭᠰᠡᠨ ᠡᠷᠡᠭᠲᠡᠢ 8᠂ ᠡᠮᠡᠭᠳᠡᠢ 9 ᠵᠢᠤᠳᠤᠤᠴᠢ ᠳᠡᠯᠡᠬᠡᠢ ᠶᠢᠨ ᠰᠢᠯᠢᠳᠡᠭ ᠤᠳ ᠲᠠᠢ ᠥᠷᠢᠰᠦᠯᠳᠦᠭᠰᠡᠨ ᠪᠢᠯᠡ᠃
ᠡᠢᠨ ᠬᠦ ᠡᠷᠡᠭᠲᠡᠶᠢᠴᠦᠳ ᠤᠨ 100 ᠺᠢᠯᠣᠭ᠍ᠷᠠᠮ ᠤᠨ ᠵᠢᠩ ᠳᠤ ᠣᠳᠣᠬᠦᠦ ᠶᠢᠨ ᠰᠡᠴᠡᠨᠴᠡᠩᠭᠡᠯ ᠬᠦᠷᠡᠯ ᠮᠧᠲ᠋ᠠᠯ ᠡᠵᠡᠨ ᠪᠣᠯᠣᠭᠰᠠᠨ ᠪᠠᠶᠢᠨ᠎ᠡ᠃ ᠲᠠᠰᠢᠷᠠᠮ ᠳᠤ ᠳᠤᠭᠤᠯᠭᠠᠬᠤ ᠳᠤ᠂ ᠮᠣᠩᠭᠣᠯ ᠤᠨ ᠵᠢᠤᠳᠤᠤᠴᠢᠳ ᠤᠨ ᠳᠠᠷᠠᠭ᠎ᠠ ᠶᠢᠨ ᠵᠣᠳᠣᠭᠯᠠᠬᠤ ᠲᠡᠮᠡᠴᠡᠭᠡᠨ ᠪᠤᠶᠤ ᠫᠠᠷᠢᠰ ᠤᠨ︽ᠶᠡᠭᠡ ᠲᠤᠭᠤᠯᠠᠭ᠎ᠠ︾ᠬᠤᠶᠠᠳᠤᠭᠠᠷ ᠰᠠᠷ᠎ᠠ ᠶᠢᠨ 3-5 ᠳᠤ ᠹᠷᠠᠨᠼᠢ ᠤᠯᠤᠰ ᠲᠤ ᠪᠣᠯᠤᠨ᠎ᠠ᠃