ᠶᠡᠷᠦᠩᠬᠡᠢ ᠰᠠᠶᠢᠳ ᠯ ∙ᠤᠶᠤᠡᠡᠷᠳᠡᠨᠢ ᠶᠢᠨ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠲᠤ ᠬᠢᠵᠦ ᠪᠤᠢ ᠠᠯᠪᠠᠨ ᠶᠣᠰᠣᠨ ᠤ ᠠᠶᠢᠯᠴᠢᠯᠠᠯ ᠬᠤᠶᠠᠳᠠᠬᠢ ᠡᠳᠦᠷ ᠢᠶᠡᠨ ᠦᠷᠭᠦᠯᠵᠢᠯᠡᠵᠦ ᠪᠠᠶᠢᠨ᠎ᠠ᠃ ᠥᠨᠥᠳᠥᠷ︵02.14︶ᠮᠣᠩᠭᠣᠯ ᠰᠣᠯᠣᠩᠭᠣᠰ ᠤᠨ ᠪᠢᠽᠢᠨᠧᠰ ᠦᠨ ᠪᠠᠶᠢᠭᠤᠯᠤᠯᠭ᠎ᠠ ᠨᠤᠭᠤᠳ ᠤᠨ ᠲᠥᠯᠥᠭᠡᠯᠡᠯ ᠠᠵᠢᠯ ᠬᠡᠷᠡᠭᠴᠢ ᠠᠭᠤᠯᠵᠠᠯᠲᠠ ᠬᠢᠯ᠎ᠡ᠃ ᠰᠤᠯᠤᠩᠭᠤᠰ ᠤᠨ ᠲᠠᠯ᠎ᠠ ᠠᠴᠠ К bank᠂ KT group᠂ Samsung C&T᠂ Hyandai E&C᠂ Daewoo E&C᠂ Shinhan Financial group᠂ Seol Asan medical center᠂ Seoul National University Hospital᠂ Emart᠂ Highland ᠵᠡᠷᠭᠡ 20 ᠭᠠᠷᠤᠢ ᠲᠣᠮᠣᠬᠠᠨ ᠺᠣᠮᠫᠠᠨᠢ ᠶᠢᠨ ᠲᠥᠯᠥᠭᠡᠯᠡᠯ ᠣᠷᠣᠯᠴᠠᠵᠠᠢ᠃
ᠬᠠᠷᠢᠨ ᠮᠣᠩᠭᠣᠯ ᠤᠨ ᠲᠠᠯ᠎ᠠ ᠠᠴᠠ MCS group᠂ ᠲᠠᠪᠤᠨ ᠪᠣᠭᠳᠠ ᠭᠷᠦ᠋ᠫ ᠂ ᠮᠣᠩᠨᠢᠰ ᠭᠷᠦ᠋ᠫ ᠂ ᠰᠢᠩᠬᠤᠯᠠᠢ ᠭᠷᠦ᠋ᠫ ᠂ ᠠᠯᠲᠠᠨ ᠵᠢᠯᠤᠭᠤ ᠭᠷᠦ᠋ᠫ ᠂ G-Mobile ᠺᠣᠮᠫᠠᠨᠢ᠂ UB cab ᠵᠡᠷᠭᠡ ᠺᠣᠮᠫᠠᠨᠢ ᠶᠢᠨ ᠲᠥᠯᠥᠭᠡᠯᠡᠯ ᠣᠷᠣᠯᠴᠠᠭᠰᠠᠨ ᠪᠠᠶᠢᠨ᠎ᠠ᠃ ᠠᠭᠤᠯᠵᠠᠯᠲᠠ ᠶᠢᠨ ᠦᠶ᠎ᠡ ᠪᠡᠷ ᠮᠣᠩᠭᠣᠯ ᠰᠣᠯᠣᠩᠭᠣᠰ ᠤᠨ ᠵᠠᠰᠠᠭ ᠤᠨ ᠭᠠᠵᠠᠷ᠂ ᠬᠤᠪᠢ ᠶᠢᠨ ᠬᠡᠪᠰᠢᠯ᠂ ᠢᠷᠭᠡᠳ ᠬᠣᠭᠣᠷᠣᠨᠳᠣ ᠶᠢᠨ ᠬᠠᠷᠢᠯᠴᠠᠭ᠎ᠠ ᠰᠢᠨ᠎ᠡ ᠱᠠᠲᠤᠨ ᠳᠤ ᠭᠠᠷᠴᠤ ᠪᠠᠶᠢᠭ᠎ᠠ ᠶᠢ ᠣᠨᠴᠠᠯᠠᠨ ᠲᠡᠮᠳᠡᠭᠯᠡᠯ᠎ᠡ᠃