ᠪᠠᠷᠢᠯᠭ᠎ᠠ ᠶᠢᠨ ᠨᠤᠷᠠᠩᠭᠢ ᠠᠴᠠ ᠦᠨᠡᠲᠦ ᠡᠳ᠋ᠯᠡᠯ᠂ ᠪᠡᠯᠡᠨ ᠮᠥᠩᠭᠥ ᠶᠢ ᠭᠠᠷᠭᠠᠵᠤ᠂ ᠬᠦᠯᠢᠶᠡᠯᠭᠡᠨ ᠦᠭᠭᠦᠯ᠎ᠡ | News.MN

ᠪᠠᠷᠢᠯᠭ᠎ᠠ ᠶᠢᠨ ᠨᠤᠷᠠᠩᠭᠢ ᠠᠴᠠ ᠦᠨᠡᠲᠦ ᠡᠳ᠋ᠯᠡᠯ᠂ ᠪᠡᠯᠡᠨ ᠮᠥᠩᠭᠥ ᠶᠢ ᠭᠠᠷᠭᠠᠵᠤ᠂ ᠬᠦᠯᠢᠶᠡᠯᠭᠡᠨ ᠦᠭᠭᠦᠯ᠎ᠡ

ᠪᠦᠭᠦᠳᠡ ᠨᠠᠢᠷᠠᠮᠳᠠᠬᠤ ᠲᠦᠷᠺ ᠤᠯᠤᠰ ᠤᠨ ᠬᠠᠲ᠋ᠠᠶ᠎ᠠ ᠮᠤᠵᠢ ᠳᠤ ᠡᠭᠦᠷᠭᠡ ᠭᠦᠢᠴᠡᠳᠭᠡᠵᠦ ᠪᠠᠶᠢᠭ᠎ᠠ ᠮᠣᠩᠭᠣᠯ ᠤᠯᠤᠰ ᠤᠨ ᠠᠪᠤᠷᠠᠬᠤ ᠪᠠᠭ ᠥᠴᠥᠭᠡᠳᠦᠷ ᠪᠤᠶᠤ 02 ᠳ᠋ᠤᠭᠠᠷ ᠰᠠᠷ᠎ᠠ ᠶᠢᠨ 12  ᠤ ᠡᠳᠦᠷ ᠦᠨ 22᠄00 ᠴᠠᠭ  ᠲᠤ ᠡᠷᠢᠨ ᠬᠠᠶᠢᠬᠤ ᠠᠵᠢᠯᠯᠠᠭ᠎ᠠ ᠶᠢ ᠡᠬᠢᠯᠡᠭᠦᠯᠵᠦ᠂ ᠪᠠᠷᠢᠯᠭ᠎ᠠ ᠶᠢᠨ ᠨᠤᠷᠠᠩᠭᠢ ᠠᠴᠠ 3 ᠬᠦᠮᠦᠨ ᠦ ᠴᠣᠭᠴᠠᠰ ᠢ ᠭᠠᠷᠭᠠᠵᠤ᠂ ᠡᠮᠨᠡᠯᠭᠡ ᠶᠢᠨ ᠪᠠᠶᠢᠭᠤᠯᠤᠯᠭ᠎ᠠ ᠳᠤ ᠬᠦᠯᠢᠶᠡᠯᠭᠡᠨ ᠦᠭᠴᠡᠢ᠃
ᠮᠥᠨ ᠢᠷᠭᠡᠳ ᠦᠨ ᠬᠦᠰᠡᠯᠲᠡ ᠪᠡᠷ ᠦᠨᠡᠲᠦ ᠡᠳ᠋ᠯᠡᠯ᠂ ᠪᠡᠯᠡᠨ ᠮᠥᠩᠭᠥ ᠶᠢ ᠭᠡᠷ ᠦᠨ ᠬᠢᠨᠢ ᠨᠤᠷᠠᠩᠭᠢ ᠳᠣᠣᠷ᠎ᠠ ᠠᠴᠠ ᠣᠯᠵᠤ ᠭᠠᠷᠭᠠᠨ ᠬᠣᠯᠪᠣᠭᠳᠠᠬᠤ ᠪᠠᠶᠢᠭᠤᠯᠤᠯᠭ᠎ᠠ᠂ ᠬᠦᠮᠦᠰ ᠲᠦ ᠬᠦᠯᠢᠶᠡᠯᠭᠡᠨ ᠥᠭᠭᠦᠭᠰᠡᠨ ᠪᠠᠶᠢᠨ᠎ᠠ᠃
ᠠᠪᠤᠷᠠᠬᠤ ᠪᠠᠭ ᠤᠨ ᠡᠮᠨᠡᠯᠭᠡ ᠶᠢᠨ ᠪᠦᠯᠦᠭ 02 ᠳ᠋ᠤᠭᠠᠷ ᠰᠠᠷ᠎ᠠ ᠶᠢᠨ 12  ᠤ ᠡᠳᠦᠷ ᠬᠡᠭᠡᠷ᠎ᠡ ᠶᠢᠨ ᠡᠮᠨᠡᠯᠭᠡ ᠳᠦ ᠨᠡᠶᠢᠲᠡ 96 ᠬᠦᠮᠦᠨ ᠳᠦ  ᠦᠵᠡᠯᠭᠡ᠂ ᠣᠨᠣᠰᠢᠯᠠᠭ᠎ᠠ ᠬᠢᠵᠦ᠂ ᠡᠮᠨᠡᠯᠭᠡ ᠶᠢᠨ ᠶᠠᠭᠠᠷᠠᠯᠲᠠᠢ ᠲᠤᠰᠠᠯᠠᠮᠵᠢ ᠦᠵᠡᠭᠦᠯᠦᠯ᠎ᠡ᠃

ᠰᠡᠳᠬᠢᠭᠳᠡᠯ ᠦᠯᠡᠳᠡᠭᠡᠬᠦ