ᠫᠯᠠᠰᠢᠳᠤ᠋  ᠳ᠋ᠤᠮᠢᠨᠤ᠋ ᠶᠢᠨ ᠣᠷᠣᠨ ᠳᠤ ᠡ᠊∙ᠠᠮᠤᠷᠲᠦ᠋ᠪᠰᠢᠨ ᠲᠠᠶᠢᠰᠠᠨ᠎ᠠ ᠭᠠᠷᠤᠯ᠎ᠠ   | News.MN

ᠫᠯᠠᠰᠢᠳᠤ᠋  ᠳ᠋ᠤᠮᠢᠨᠤ᠋ ᠶᠢᠨ ᠣᠷᠣᠨ ᠳᠤ ᠡ᠊∙ᠠᠮᠤᠷᠲᠦ᠋ᠪᠰᠢᠨ ᠲᠠᠶᠢᠰᠠᠨ᠎ᠠ ᠭᠠᠷᠤᠯ᠎ᠠ  

ᠢᠰᠫᠠᠨᠢ ᠶᠢᠨ ᠨᠡᠷᠡᠲᠦ ᠳᠠᠭᠤᠷᠢ ᠶᠢᠨ ᠳᠠᠭᠤᠴᠢᠨ ᠫᠯᠠᠰᠢᠳᠤ᠋  ᠳ᠋ᠤᠮᠢᠨᠤ᠋ ᠬᠠᠨᠢᠶᠠᠳᠤ ᠬᠦᠷᠴᠦ᠂ ᠳᠠᠭᠤᠯᠠᠬᠤ ᠪᠣᠯᠤᠮᠵᠢ ᠦᠭᠡᠢ ᠪᠣᠯᠤᠭᠰᠠᠨ ᠲᠤᠯᠠ ᠲᠡᠭᠦᠨ ᠦ ᠣᠷᠣᠨ ᠳᠤ ᠠᠷᠠᠳ ᠤᠨ ᠵᠦᠴᠦᠭᠡᠴᠢᠨ ᠡ᠊∙ᠠᠮᠤᠷᠲᠦ᠋ᠪᠰᠢᠨ ᠲᠠᠶᠢᠰᠠᠨ᠎ᠠ ᠭᠠᠷᠤᠯ᠎ᠠ᠃ ᠢᠲ᠋ᠠᠯᠢ ᠶᠢᠨ ᠹᠯᠣᠷᠧᠨᠼ ᠬᠣᠲᠠ ᠶᠢᠨ ᠳᠠᠭᠤᠷᠢ ᠶᠢᠨ ᠲᠢᠶᠠᠲ᠋ᠷ ᠤᠨ ᠲᠠᠶᠢᠰᠠᠨ᠎ᠠ ᠲᠡᠷᠡ ᠪᠡᠷ ᠵ∙ᠸᠸᠷᠳ᠋ ᠦᠨ《 ᠲᠷᠠᠪᠶᠠᠲ᠋ᠠ》 ᠳᠠᠭᠤᠷᠢ ᠶᠢᠨ ᠵᠣᠷᠵᠢ ᠵᠧᠷᠮᠣᠨ ᠤ ᠳᠦᠷᠢ ᠳᠦ ᠭᠣᠴᠣᠯᠠᠭᠰᠠᠨ ᠶᠤᠮ᠃

ᠲᠢᠶᠠᠲ᠋ᠷ ᠠᠯᠪᠠᠨ ᠶᠣᠰᠣᠨ ᠤ ᠬᠠᠭᠤᠳᠠᠰᠤ ᠪᠠᠷ ᠢᠶᠠᠨ ᠳᠠᠮᠵᠢᠭᠤᠯᠤᠨ ᠫᠯᠠᠰᠢᠳᠤ᠋  ᠳ᠋ᠤᠮᠢᠨᠤ᠋ ᠶᠢ ᠣᠷᠣᠯᠠᠵᠤ ᠴᠢᠳᠠᠬᠤᠶᠢᠴᠠ ᠳᠠᠭᠤᠴᠢᠨ ᠭᠡᠵᠦ ᠦᠵᠡᠨ᠂ ᠲᠡᠭᠦᠨ ᠦ ᠣᠷᠣᠨ ᠳᠤ ᠳᠠᠭᠤᠯᠠᠭᠤᠯᠬᠤ ᠪᠠᠷ ᠪᠣᠯᠤᠭᠰᠠᠨ ᠢᠶᠠᠨ ᠬᠡᠯᠡᠵᠦ᠂ ᠫᠯᠠᠰᠢᠳᠤ᠋  ᠳ᠋ᠤᠮᠢᠨᠤ᠋ ᠶᠢ ᠬᠤᠷᠳᠤᠨ ᠡᠳᠡᠭᠡᠷᠡᠬᠦ ᠶᠢ ᠬᠦᠰᠡᠨ ᠢᠷᠦᠭᠡᠵᠦ᠂ ᠡ᠊ ∙ ᠠᠮᠤᠷᠲᠦ᠋ᠪᠰᠢᠨ  ᠢ ᠬᠦᠷᠦᠯᠴᠡᠨ ᠢᠷᠡᠭᠰᠡᠨ ᠳᠦ ᠲᠠᠯᠠᠷᠬᠠᠯ ᠢᠯᠡᠷᠬᠡᠶᠢᠯᠡᠵᠡᠢ᠃

ᠰᠡᠳᠬᠢᠭᠳᠡᠯ ᠦᠯᠡᠳᠡᠭᠡᠬᠦ