ᠣᠷᠣᠰ ᠤᠨ ᠲᠤᠸᠠ ᠶᠢᠨ ᠨᠡᠶᠢᠰᠯᠡᠯ ᠺᠢᠽᠢᠯ ᠬᠤᠲᠠ ᠶᠢᠨ︽ᠰᠦᠪᠡᠭᠡᠳᠡᠢ︾ᠰᠫᠣᠷᠲ ᠤᠨ ᠣᠷᠳᠣᠨ ᠳᠤ ᠰᠫᠣᠷᠲ ᠤᠨ ᠳᠤᠮᠳᠠᠳᠤ ᠰᠤᠷᠭᠠᠭᠤᠯᠢ ᠡᠭᠦᠰᠦᠨ ᠪᠠᠶᠢᠭᠤᠯᠤᠭᠳᠠᠭᠰᠠᠨ ᠤ 15 ᠵᠢᠯ ᠤᠨ ᠣᠢ ᠳᠤ ᠵᠣᠷᠢᠭᠤᠯᠤᠭᠰᠠᠨ ᠲᠤᠸᠠ ᠦᠨᠳᠦᠰᠦᠨ ᠤ ᠪᠥᠬᠡ ᠶᠢᠨ ᠨᠡᠭᠡᠭᠡᠯᠲᠡ ᠲᠠᠢ ᠪᠠᠷᠢᠯᠳᠤᠭᠠᠨ ᠦᠡᠭᠭᠡᠷᠡᠭᠰᠡᠠ ᠨᠢᠮ᠎ᠠ ᠭᠠᠷᠠᠬ︵01.30︶ᠪᠣᠯᠣᠭᠰᠠᠨ ᠃
128 ᠪᠥᠬᠡ ᠬᠦᠴᠦ ᠶᠢ ᠦᠵᠡᠭᠰᠡᠨ ᠲᠤᠰ ᠪᠠᠷᠢᠯᠳᠤᠭᠠᠨ ᠳᠤ ᠮᠠᠨ ᠤ ᠤᠯᠤᠰ ᠠᠴᠠ ᠤᠯᠤᠰ ᠤᠨ ᠥᠰᠬᠦ ᠢᠳᠡᠷ ᠴ᠊ · ᠪᠠᠲᠤᠴᠢᠯᠠᠭᠤᠨ᠂ ᠠᠶᠢᠮᠠᠭ ᠤᠨ ᠠᠷᠰᠯᠠᠨ ᠪ∙ᠥᠰᠬᠦᠪᠠᠶᠠᠷ᠂ ᠠᠶᠢᠮᠠᠭ ᠤᠨ ᠵᠠᠭᠠᠨ ᠪ∙ ᠪᠠᠳᠢᠷᠴᠢ᠂ ᠠᠶᠢᠮᠠᠭ ᠤᠨ ᠨᠠᠴᠢᠨ ᠬ᠋᠊ ·ᠴᠤᠭᠲᠤᠭᠡᠷᠡᠯ ᠣᠴᠢᠵᠤ ᠵᠤᠳᠤᠭᠯᠵᠠᠢ᠃ ᠡᠭᠦᠨ ᠳᠦ ᠬ᠋᠊ ·ᠴᠤᠭᠲᠤᠭᠡᠷᠡᠯ ᠲᠤᠸᠠ ᠶᠢᠨ ᠰᠢᠯᠢᠳᠡᠭ ᠪᠥᠬᠡᠴᠦᠳ ᠤᠨ ᠨᠢᠭᠡ ᠲᠦᠯᠦᠱ ᠰᠠᠢᠨ ᠪᠧᠯᠧᠺ ᠲᠠᠢ ᠲᠡᠷᠢᠬᠦᠠ ᠪᠠᠶᠢᠷᠢ ᠶᠢᠨ ᠲᠥᠯᠥᠭᠡ ᠦᠯᠡᠳᠡᠵᠦ ᠦᠵᠦᠭᠦᠷᠯᠡᠵᠡᠢ᠃