ᠶᠠᠫᠤᠨ ᠤᠯᠤᠰ ᠤᠨ Japan Airlines ᠻᠣᠮᠫᠠᠨᠢ ᠮᠣᠩᠭᠤᠯ ᠤᠯᠤᠰ ᠤᠷᠤᠭᠤ ᠵᠤᠨ ᠤ ᠤᠯᠠᠷᠢᠯ ᠳᠤ ᠴᠠᠷᠲ᠋ᠧᠷ ᠨᠢᠰᠦᠯᠭᠡ ᠦᠢᠯᠡᠳᠬᠦ ᠪᠠᠷ ᠪᠤᠯᠤᠭᠰᠠᠨ ᠪᠠ ᠮᠣᠩᠭᠤᠯ ᠶᠠᠫᠣᠨ ᠤ ᠠᠶᠠᠯᠠᠯ ᠵᠢᠭᠤᠯᠴᠢᠯᠠᠯ ᠤᠨ ᠪᠢᠽᠨᠧᠰ ᠹᠤᠷᠤᠮ ᠢ 4-5 ᠳ᠋ᠤᠭᠠᠷ ᠰᠠᠷ᠎ᠠ ᠳᠤ ᠬᠢᠬᠦ ᠲᠤᠬᠠᠢ ᠲᠤᠰ ᠺᠣᠮᠫᠠᠨᠢ ᠶᠢᠨ ᠲᠥᠯᠦᠭᠡᠯᠡᠯ ᠬᠠᠲᠤᠭᠲᠠᠶ ᠨᠠᠺᠠᠨᠤ᠋ ᠾᠤᠱᠢᠺᠤ ᠮᠣᠩᠭᠤᠯ᠂ ᠶᠠᠫᠣᠨ ᠤ ᠠᠭᠤᠯᠵᠠᠯᠲᠠ ᠶᠢᠨ ᠦᠶ᠎ᠡ ᠪᠠᠷ ᠬᠡᠯᠡᠯ᠎ᠡ᠃
ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠰᠠᠶᠢᠳ ᠤᠨ ᠵᠥᠪᠯᠡᠬᠦ ᠣ᠊ · ᠣᠳᠣᠪᠠᠶᠠᠷ᠂ ᠠᠶᠠᠯᠠᠯ ᠵᠢᠭᠤᠯᠴᠢᠯᠠᠯ ᠤᠨ ᠪᠣᠳᠤᠯᠭ᠎ᠠ ᠵᠣᠬᠢᠴᠠᠭᠤᠯᠤᠯᠲᠠ ᠶᠢᠨ ᠭᠠᠵᠠᠷ ᠤᠨ ᠮᠡᠷᠭᠡᠵᠢᠯᠲᠡᠨ ᠫ᠊ · ᠪᠠᠶᠠᠷᠴᠡᠴᠡᠭ᠂ ᠲᠤᠤᠺᠢᠣ᠋ ᠳᠠᠬᠢ ᠡᠯᠴᠢᠨ ᠰᠠᠶᠢᠳ ᠤᠨ ᠶᠠᠮᠤᠨ ᠤ ᠡᠳ᠋ ᠤᠨ ᠵᠠᠰᠠᠭ ᠤᠨ ᠠᠰᠠᠭᠤᠳᠠᠯ ᠬᠠᠷᠢᠭᠤᠴᠠᠭᠰᠠᠨ ᠵᠥᠪᠯᠡᠬᠦ ᠥ᠊ ·ᠮᠥᠩᠬᠡᠪᠠᠲᠤ᠂︽ᠲᠠᠪᠤᠨ ᠪᠤᠬᠳᠠ︾ᠭᠷᠦ᠋ᠫ ᠤᠨ ᠶᠡᠷᠦᠩᠬᠡᠶᠢᠯᠡᠭᠴᠢ ᠴ᠊ · ᠪᠠᠭᠠᠲᠤᠷᠰᠠᠢᠬᠠᠨ ᠨᠠᠷ ᠶᠠᠫᠤᠨ ᠤᠯᠤᠰ ᠤᠨ Japan Airlines ᠺᠤᠮᠫᠠᠨᠢ ᠶᠢᠨ ᠪᠣᠷᠤᠯᠠᠭᠤᠯᠤᠯᠲᠠ ᠬᠠᠷᠢᠭᠤᠴᠠᠭᠰᠠᠨ ᠭᠦᠢᠴᠡᠳᠬᠡᠬᠦ ᠵᠠᠬᠢᠷᠤᠯ ᠨᠠᠺᠠᠨᠤ᠋ ᠾᠤᠱᠢᠺᠤ ᠲᠡᠷᠢᠭᠦᠲᠡᠢ ᠬᠤᠯᠪᠦᠬᠳᠡᠬᠤ ᠠᠯᠪᠠᠨ ᠤ ᠲᠥᠯᠥᠭᠡᠯᠡᠯ ᠲᠠᠢ ᠨᠢᠭᠡᠳᠦᠭᠡᠷ ᠰᠠᠷ᠎ᠠ ᠶᠢᠨ 30 ᠤ ᠡᠳᠦᠷ ᠲᠤᠤᠺᠢᠣ᠋ ᠬᠤᠲᠠ ᠳᠤ ᠠᠭᠤᠯᠵᠠᠯᠲᠠ ᠬᠢᠭᠰᠡᠨ ᠶᠤᠮ᠃