ᠮᠣᠩᠭᠤᠯ ᠤᠯᠤᠰ ᠤᠨ ᠠᠪᠯᠢᠭ᠎ᠠ ᠶᠢᠨ ᠢᠨᠳᠧᠺᠰ 116 ᠳᠤ  ᠵᠢᠭᠰᠠᠵᠠᠢ | News.MN

ᠮᠣᠩᠭᠤᠯ ᠤᠯᠤᠰ ᠤᠨ ᠠᠪᠯᠢᠭ᠎ᠠ ᠶᠢᠨ ᠢᠨᠳᠧᠺᠰ 116 ᠳᠤ  ᠵᠢᠭᠰᠠᠵᠠᠢ

ᠪᠧᠷᠯᠢᠨ ᠳᠤ ᠲᠥᠪ ᠲᠠᠢ ᠣᠯᠠᠨ ᠤᠯᠤᠰ ᠤᠨ ᠲᠷᠠᠨᠰ ᠫᠠᠷᠧᠨᠰᠢ ᠢᠨᠲ᠋ᠧᠷᠨᠠᠢᠱᠨᠢᠯ ᠪᠠᠶᠢᠭᠤᠯᠤᠯᠭ᠎ᠠ ᠠᠴᠠ 2022 ᠣᠨ ᠤ︽ᠠᠪᠯᠢᠭ᠎ᠠ ᠶᠢᠨ ᠲᠥᠰᠥᠭᠡᠯᠡᠯ ᠤᠨ ᠢᠨᠳᠧᠺᠰ︾ ᠢ 01 ᠰᠠᠷ᠎ᠠ ᠶᠢᠨ 31 ᠳᠦ ᠲᠠᠨᠢᠯᠴᠠᠭᠤᠯᠤᠯ᠎ᠠ᠃ 2022 ᠣᠨ ᠳᠤ ᠸᠢᠶᠧᠲᠨᠠᠮ᠂ ᠡᠮᠦᠨᠡᠳᠦ ᠰᠤᠯᠦᠩᠭᠤᠰ᠂ ᠠᠩᠭᠤᠯᠠ ᠵᠡᠷᠭᠡ ᠤᠯᠤᠰ ᠤᠳ ᠠᠪᠯᠢᠭ᠎ᠠ ᠶᠢᠨ ᠲᠦᠪᠰᠢᠨ ᠢᠶᠠᠨ ᠪᠠᠭᠤᠷᠠᠭᠤᠯᠤᠭᠰᠠᠨ ᠪᠣᠯ ᠮᠣᠩᠭᠤᠯ  ᠤᠯᠤᠰ ᠠᠩᠬ᠎ᠠ ᠤᠳᠠᠭ᠎ᠠ ᠬᠤᠶᠠᠷ ᠤᠨᠤᠭ᠎ᠠ ᠪᠠᠷ ᠪᠠᠭᠤᠷᠠᠵᠤ ᠳᠡᠯᠡᠬᠡᠢ ᠶᠢᠨ 180 ᠣᠷᠣᠨ ᠠᠴᠠ 116 ᠳᠤ  ᠵᠢᠭᠰᠠᠵᠠᠢ᠃
ᠮᠣᠩᠭᠤᠯ ᠤᠯᠤᠰ ᠠᠪᠯᠢᠭ᠎ᠠ ᠶᠢᠨ ᠲᠥᠰᠥᠭᠡᠯᠡᠯ ᠤᠨ ᠢᠨᠳᠧᠺᠰ ᠢᠶᠠᠷ 2012 ᠣᠨ ᠠᠴᠠ ᠬᠤᠶᠢᠰᠢ 35-39 ᠤᠨᠤᠭ᠎ᠠ ᠪᠠᠷ ᠦᠨᠡᠯᠡᠭᠳᠡᠭᠰᠡᠨ ᠪᠥᠭᠡᠳ ᠰᠡᠭᠦᠯ ᠤᠨ ᠭᠤᠷᠪᠠᠨ ᠣᠨ ᠳᠤ ᠳᠠᠷᠠᠭᠠᠯᠠᠨ ᠬᠠᠮᠤᠭ ᠤᠨ ᠪᠠᠭ᠎ᠠ ᠪᠠᠷ ᠪᠤᠶᠤ 35 ᠤᠨᠤᠭ᠎ᠠ ᠲᠠᠢ ᠦᠨᠡᠯᠡᠭᠳᠡᠭᠰᠡᠨ ᠪᠠᠶᠢᠨ᠎ᠡ᠃ ᠲᠥᠷᠦ ᠶᠢᠨ ᠪᠠᠶᠢᠭᠤᠯᠤᠯᠭ᠎ᠠ᠂ ᠲᠥᠷᠦ ᠶᠢᠨ ᠠᠯᠪᠠ ᠬᠠᠭᠠᠭᠴᠢ ᠠᠪᠯᠢᠭ᠎ᠠ ᠳᠤ ᠬᠠᠮᠤᠬ ᠤᠨ ᠥᠷᠲᠦᠮᠡᠲᠡᠭᠡᠢ ᠪᠠᠶᠢᠭ᠎ᠠ ᠶᠢ ᠰᠤᠳᠤᠯᠭ᠎ᠠ ᠬᠠᠷᠠᠭᠤᠯᠵᠠᠢ᠃

ᠰᠡᠳᠬᠢᠭᠳᠡᠯ ᠦᠯᠡᠳᠡᠭᠡᠬᠦ