100 ᠵᠢᠯ ᠤᠨ ᠣᠢ ᠶᠢ ᠮᠥᠰᠥᠨ ᠤ ᠱᠠᠭᠠᠢ ᠶᠢᠨ ᠲᠡᠮᠡᠴᠡᠭᠡᠨ ᠢᠶᠠᠷ ᠡᠬᠢᠯᠡᠭᠦᠯᠦᠨ᠎ᠡ | News.MN

100 ᠵᠢᠯ ᠤᠨ ᠣᠢ ᠶᠢ ᠮᠥᠰᠥᠨ ᠤ ᠱᠠᠭᠠᠢ ᠶᠢᠨ ᠲᠡᠮᠡᠴᠡᠭᠡᠨ ᠢᠶᠠᠷ ᠡᠬᠢᠯᠡᠭᠦᠯᠦᠨ᠎ᠡ

ᠠᠷᠤᠬᠠᠩᠭᠠᠢ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠦᠨᠳᠦᠰᠦᠨ ᠤ ᠮᠥᠰᠥᠨ ᠱᠠᠭᠠᠢ ᠶᠢᠨ ᠬᠤᠯᠪᠣᠭ᠎ᠠ᠂ ᠠᠷᠤᠬᠠᠩᠭᠠᠢ ᠠᠶᠢᠮᠠᠭ ᠤᠨ ᠮᠥᠰᠥᠨ ᠱᠠᠭᠠᠢ ᠶᠢᠨ ᠬᠤᠯᠪᠣᠭ᠎ᠠ ᠲᠠᠢ ᠬᠠᠮᠲᠤᠷᠠᠨ ᠨᠢᠭᠡᠳᠦᠭᠡᠷ ᠰᠠᠷ᠎ᠠ ᠶᠢᠨ 27-29 ᠳᠤ ᠤᠯᠤᠰ ᠤᠨ ᠴᠣᠯᠠ ᠣᠯᠭᠤᠬᠤ ᠮᠥᠰᠥᠨ ᠱᠠᠭᠠᠢ ᠶᠢᠨ ᠨᠡᠭᠡᠭᠡᠯᠲᠡ ᠲᠠᠢ ᠲᠡᠮᠡᠴᠡᠭᠡᠨ ᠢ ᠵᠣᠬᠢᠶᠠᠨ ᠪᠠᠢᠭᠤᠯᠵᠠᠢ᠃ ᠡᠨᠡ ᠬᠦ ᠲᠡᠮᠡᠴᠡᠭᠡᠨ ᠨᠢ ᠠᠶᠢᠮᠠᠭ ᠤᠨ ᠲᠡᠦᠬᠡᠲᠦ 100 ᠵᠢᠯ ᠤᠨ ᠣᠢ ᠶᠢ ᠤᠭᠲᠤᠵᠤ ᠵᠣᠬᠢᠶᠠᠨ ᠪᠠᠶᠢᠭᠤᠯᠬᠤ ᠦᠶᠯᠡ ᠠᠵᠢᠯᠯᠠᠭ᠎ᠠ ᠨᠤᠭᠤᠳ ᠤᠨ ᠠᠯᠪᠠᠨ ᠶᠣᠰᠣᠨ ᠤ ᠨᠡᠭᠡᠭᠡᠯᠳᠡ ᠂ ᠤᠯᠤᠰ ᠤᠨ ᠴᠢᠨᠠᠷ ᠲᠠᠢ ᠲᠡᠮᠡᠴᠡᠭᠡᠨ ᠭᠡᠳᠡᠭ ᠢᠶᠠᠷ ᠢᠶᠠᠨ ᠣᠨᠴᠠᠯᠢᠭ ᠲᠠᠢ᠃
ᠮᠥᠰᠦᠨ ᠳᠡᠭᠡᠷ᠎ᠡ ᠱᠠᠭᠠᠢ ᠬᠠᠷᠪᠤᠬᠤ ᠨᠢ ᠠᠷᠤᠬᠠᠩᠭᠠᠢ ᠶᠢᠨ ᠭᠠᠷᠤᠯ ᠲᠠᠢ ᠭᠡᠵᠦ ᠶᠡᠷᠢᠬᠤ ᠨᠢᠭᠡ ᠬᠡᠰᠡᠭ ᠪᠠᠶᠢᠬᠤ ᠳᠤ ᠮᠣᠩᠭᠤᠯᠴᠤᠳ ᠡᠷᠲᠡᠨ ᠠᠴᠠ ᠮᠥᠰᠥ ᠮᠦᠷᠭᠦᠯᠳᠦᠭᠦᠯᠵᠦ ᠲᠣᠭᠯᠠᠳᠠᠭ ᠪᠠᠶᠢᠭᠰᠠᠨ ᠭᠡᠬᠦ ᠬᠡᠰᠡᠭ ᠴᠤ ᠪᠤᠢ᠃ ᠵᠠᠶ᠎ᠠ ᠶᠢᠨ ᠱᠠᠪᠢ ᠶᠢᠨ ᠮᠥᠰᠦᠨ ᠱᠠᠭᠠᠢ ᠶᠢᠨ ᠬᠠᠷᠪᠤᠭ᠎ᠠ ᠨᠢ ᠨᠡᠷᠢᠠ ᠳᠢᠭ᠂ ᠵᠢᠷᠤᠮ ᠲᠦᠷᠢᠮ ᠲᠠᠢ ᠶᠤᠮ᠃ ᠡᠨᠡ ᠲᠡᠮᠡᠴᠡᠭᠡᠨ ᠳᠤ 10 ᠠᠶᠢᠮᠠᠭ ᠤᠨ 22 ᠳᠡᠪᠵᠢᠶᠡᠨ ᠤ 300 ᠣᠷᠴᠢᠮ ᠬᠠᠷᠪᠤᠭᠠᠴᠢ᠂ ᠰᠣᠨᠢᠷᠬᠠᠭᠴᠢᠳ ᠬᠦᠷᠦᠯᠴᠡᠨ ᠢᠷᠡᠬᠦ ᠪᠠᠷ  ᠪᠦᠷᠢᠳᠭᠡᠭᠦᠯᠵᠡᠢ᠃

ᠰᠡᠳᠬᠢᠭᠳᠡᠯ ᠦᠯᠡᠳᠡᠭᠡᠬᠦ