ᠴᠠᠲᠠᠨ ᠬᠡᠦᠬᠡᠳ ᠤᠳ ᠦᠨᠳᠦᠰᠦᠨ ᠤ ᠬᠡᠯᠡ ᠪᠡᠨ ᠰᠤᠷᠬᠤ ᠪᠣᠯᠤᠮᠵᠢ ᠦᠭᠡᠶ ᠪᠠᠶᠢᠨ᠎ᠡ | News.MN

ᠴᠠᠲᠠᠨ ᠬᠡᠦᠬᠡᠳ ᠤᠳ ᠦᠨᠳᠦᠰᠦᠨ ᠤ ᠬᠡᠯᠡ ᠪᠡᠨ ᠰᠤᠷᠬᠤ ᠪᠣᠯᠤᠮᠵᠢ ᠦᠭᠡᠶ ᠪᠠᠶᠢᠨ᠎ᠡ

ᠬᠥᠪᠰᠥᠬᠦᠯ ᠠᠶᠢᠮᠠᠭ ᠤᠨ ᠴᠠᠭᠠᠨᠨᠠᠭᠤᠷ ᠰᠤᠮᠤ ᠤᠯᠠᠭᠠᠨᠪᠠᠭᠠᠲᠤᠷ ᠬᠤᠲᠠ ᠠᠴᠠ 1000 ᠺᠢᠯᠣᠮᠧᠲᠷ᠂ ᠠᠶᠢᠮᠠᠭ ᠤᠨ ᠲᠥᠪ ᠮᠦᠷᠡᠨ ᠰᠤᠮᠤ ᠠᠴᠠ 300 ᠺᠢᠯᠣᠮᠧᠲᠷ ᠠᠯᠤᠰᠯᠠᠭᠳᠠᠭᠰᠠᠨ ᠬᠠᠮᠤᠬ ᠤᠨ ᠬᠤᠶᠢᠳᠤ ᠰᠤᠮᠤ ᠶᠤᠮ᠃  ᠲᠤᠰ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠳᠤ ᠴᠠᠭᠠᠨᠨᠠᠭᠤᠷ᠂  ᠷᠢᠨᠴᠢᠨᠯᠾᠦ᠋ᠮᠪᠤ ᠰᠤᠮᠤ ᠶᠢᠨ ᠬᠤᠶᠠᠳᠤᠭᠠᠷ ᠪᠠᠭ ᠤᠨ 568 ᠬᠡᠦᠬᠡᠳ ᠰᠤᠷᠤᠯᠴᠠᠵᠤ ᠪᠠᠶᠢᠨ᠎ᠡ᠃

ᠬᠠᠷᠢᠨ ᠲᠠᠶᠢᠭ᠎ᠠ ᠶᠢᠨ ᠪᠤᠶᠤ ᠴᠠᠲᠠᠨ 200 ᠬᠡᠦᠬᠡᠳ ᠰᠤᠷᠤᠯᠴᠠᠵᠤ ᠪᠠᠢᠭ᠎ᠠ ᠪᠦᠭᠡᠳ  ᠲᠡᠳᠡ ᠤᠶᠢᠭᠤᠷ ᠪᠤᠶᠤ ᠲᠤᠸᠠ ᠬᠡᠯᠡ ᠲᠠᠢ ᠪᠥᠭᠡᠳ ᠲᠠᠶᠢᠭ᠎ᠠ ᠳᠤ ᠪᠠᠨ ᠤᠶᠢᠭᠤᠷ ᠢᠶᠠᠷ ᠶᠠᠷᠢᠳᠠᠭ᠃ ᠴᠠᠭᠠᠨᠨᠠᠭᠤᠷ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠴᠠᠲᠠᠨ ᠢᠷᠭᠡᠳ ᠤᠨ ᠬᠡᠯᠡ ᠰᠣᠶᠣᠯ ᠢ ᠥᠪᠯᠡᠭᠦᠯᠤᠨ ᠦᠯᠡᠳᠡᠭᠡᠬᠦ ᠵᠣᠷᠢᠯᠭ᠎ᠠ ᠪᠠᠷ ᠲᠤᠸᠠ ᠬᠡᠯᠡ  ᠵᠢᠭᠠᠵᠤ ᠪᠠᠶᠢᠭ᠎ᠠ ᠪᠣᠯᠪᠠᠴᠤ ᠠᠩᠭᠢ ᠲᠠᠩᠬᠢᠮ ᠬᠦᠷᠦᠯᠴᠡᠭᠡ ᠦᠭᠡᠢ ᠶᠢᠨ ᠤᠯᠠᠮ ᠠᠴᠠ ᠲᠠᠶᠢᠭ᠎ᠠ ᠶᠢᠨ 200 ᠬᠡᠦᠬᠡᠳ ᠤᠨ 90 ᠬᠡᠦᠬᠡᠳ ᠯᠡ ᠬᠠᠮᠤᠷᠤᠭᠳᠠᠵᠤ ᠪᠠᠶᠢᠨ᠎ᠡ ᠭᠡᠳᠡᠭ ᠢ ᠵᠠᠬᠢᠷᠤᠯ ᠮ᠊∙ᠰᠠᠩᠵᠠᠢ ᠬᠡᠯᠡᠵᠡᠢ

ᠰᠡᠳᠬᠢᠭᠳᠡᠯ ᠦᠯᠡᠳᠡᠭᠡᠬᠦ