ᠠᠰᠠᠷᠠᠯᠲᠤ ᠬᠠᠶᠢᠷᠬᠠᠨ  ᠳᠤ 13-75 ᠨᠠᠰᠤᠨ ᠤ 100 ᠠᠯᠬᠤᠭᠴᠢ ᠠᠪᠠᠷᠢᠵᠠᠢ | News.MN

ᠠᠰᠠᠷᠠᠯᠲᠤ ᠬᠠᠶᠢᠷᠬᠠᠨ  ᠳᠤ 13-75 ᠨᠠᠰᠤᠨ ᠤ 100 ᠠᠯᠬᠤᠭᠴᠢ ᠠᠪᠠᠷᠢᠵᠠᠢ

ᠮᠣᠩᠭᠣᠯ ᠤᠨ ᠶᠠᠪᠠᠭᠠᠨ ᠠᠯᠬᠤᠯᠲᠠ ᠶᠢᠨ ᠬᠤᠯᠪᠤᠭᠠᠨ ᠤ ᠭᠡᠰᠢᠭᠦᠳ᠂ ᠳᠡᠮᠵᠢᠭᠴᠢᠳ ᠪᠣᠯᠬᠤ 100 ᠬᠥᠮᠦᠨ ᠡᠨᠡ ᠰᠠᠷ᠎ᠠ ᠶᠢᠨ 28  ᠳᠦ ᠤᠯᠠᠭᠠᠨᠪᠠᠭᠠᠲᠤᠷ ᠬᠤᠲᠠ ᠠᠴᠠ ᠵᠡᠭᠦᠨ ᠬᠤᠶᠢᠳᠤ ᠵᠦᠭ ᠲᠤ 90 ᠣᠷᠴᠢᠮ ᠺᠢᠯᠣᠮᠧᠲᠷ ᠲᠤ ᠣᠷᠤᠰᠢᠬᠤ ᠬᠠᠨ ᠬᠡᠨᠲᠡᠢ ᠨᠢᠷᠤᠭᠤᠨ ᠤ ᠨᠣᠶᠠᠨ ᠤᠷᠬᠢᠯ ᠠᠰᠠᠷᠠᠯᠲᠤ  ᠬᠠᠢᠷᠠᠬᠨ ᠢ ᠵᠣᠷᠢᠵᠤ᠂ ᠳᠠᠯᠠᠢ ᠶᠢᠨ ᠲᠦᠪᠰᠢᠨ ᠠᠴᠠ ᠳᠡᠭᠡᠭᠰᠢ 2799 ᠮᠧᠲᠷ ᠲᠤ ᠡᠷᠭᠦᠭᠳᠡᠭᠰᠡᠨ ᠤᠭ ᠣᠷᠭᠢᠯ ᠳᠤ ᠠᠮᠵᠢᠯᠲᠠᠲᠠᠶ ᠬᠦᠷᠴᠡᠢ᠃
ᠡᠨᠡ ᠬᠦ ᠠᠷᠭ᠎ᠠ ᠬᠡᠮᠵᠢᠶᠡᠨ ᠳᠤ ᠳᠣᠷᠤᠨᠠᠭᠤᠪᠢ᠂ ᠣᠷᠬᠤᠨ᠂ ᠳᠠᠷᠬᠠᠨ  ᠠᠭᠤᠯᠠ᠂  ᠰᠦᠬᠡᠪᠠᠭᠠᠲᠤᠷ᠂ ᠬᠡᠨᠲᠡᠢ᠂  ᠡᠮᠦᠨᠡᠭᠤᠪᠢ᠂ ᠤᠪᠰᠤ᠂ ᠬᠥᠪᠰᠥᠬᠦᠯ᠂ ᠲᠥᠪ ᠠᠶᠢᠮᠠᠭ ᠮᠦᠠ ᠨᠡᠶᠢᠰᠯᠡᠯ ᠤᠨ ᠪᠠᠭᠠᠬᠠᠩᠬᠠᠢ᠂ ᠪᠠᠭᠠᠨᠠᠭᠤᠷ᠂ ᠪᠠᠶᠠᠩᠭᠤᠣᠯ᠂ ᠪᠠᠶᠠᠨᠵᠢᠷᠤᠬᠡ᠂ ᠰᠣᠩᠭᠢᠨ᠎ᠠ ᠬᠠᠶᠢᠷᠬᠠᠨ ᠲᠡᠭᠦᠷᠭᠡ ᠶᠢᠨ ᠶᠠᠪᠠᠭᠠᠨ ᠠᠯᠬᠤᠯᠲᠠ ᠶᠢᠨ ᠬᠤᠯᠪᠣᠭᠠᠳ᠂ ᠺᠯᠦ᠋ᠪ ᠤᠨ ᠭᠡᠰᠢᠭᠦᠳ ᠢᠳᠡᠪᠬᠢᠲᠡᠢ ᠣᠷᠣᠯᠴᠠᠭᠰᠠᠨ ᠪᠠᠶᠢᠨ᠎ᠡ᠃  ᠬᠠᠮᠤᠬ ᠤᠨ ᠦᠡᠳᠦᠷ ᠨᠠᠰᠤᠲᠠᠢ ᠣᠷᠤᠯᠴᠠᠭᠴᠢ ᠨᠢ 75 ᠨᠠᠰᠤᠲᠠᠢ ᠯ᠊·ᠭᠠᠩᠪᠠᠭᠠᠲᠤᠷ᠂ ᠨ᠊·ᠫᠦᠷᠪᠦᠳᠠᠱᠢ ᠨᠠᠷ ᠪᠥᠭᠡᠳ ᠬᠠᠮᠤᠬ ᠤᠨ ᠵᠠᠯᠠᠭᠤ ᠣᠷᠤᠯᠴᠠᠭᠴᠢ ᠨᠢ 13 ᠨᠠᠰᠤᠲᠠᠢ ᠪ∙ᠤᠶᠡᠬᠠᠠ  ᠪᠠᠶᠢᠪᠠ᠃

ᠰᠡᠳᠬᠢᠭᠳᠡᠯ ᠦᠯᠡᠳᠡᠭᠡᠬᠦ