ᠮᠣᠷᠢᠨ ᠤ ᠪᠠᠷᠢᠮᠠᠯ ᠠᠰᠢᠭᠯᠠᠨ ᠥᠪᠡᠷᠰᠡᠳ ᠤᠨ ᠲᠡᠦᠬᠡ ᠪᠠᠨ ᠪᠦᠲᠦᠭᠡᠵᠡᠢ | News.MN

ᠮᠣᠷᠢᠨ ᠤ ᠪᠠᠷᠢᠮᠠᠯ ᠠᠰᠢᠭᠯᠠᠨ ᠥᠪᠡᠷᠰᠡᠳ ᠤᠨ ᠲᠡᠦᠬᠡ ᠪᠠᠨ ᠪᠦᠲᠦᠭᠡᠵᠡᠢ

ᠮᠣᠩᠭᠣᠯ ᠤᠨ ᠤᠷᠠᠯᠢᠭ ᠤᠨ ᠵᠥᠪᠯᠡᠯ ᠠᠩᠬ᠎ᠠ 2005 ᠣᠨ ᠳᠤ ᠠᠦ᠋ᠰᠲᠷᠠᠯᠢᠶ᠎ᠠ ᠶᠢᠨ︽ᠵᠠᠯᠠᠭᠤ ᠡᠯᠴᠢᠨ ᠰᠠᠶᠢᠳ︾ ᠬᠥᠲᠥᠯᠪᠦᠷᠢ ᠶᠢᠨ ᠣᠷᠤᠯᠴᠠᠭᠴᠢ ᠲᠠᠨᠶᠠ ᠪᠤᠷᠺᠬᠠᠷᠳ᠋ ᠤᠨ ᠰᠠᠨᠠᠭᠠᠴᠢᠯᠠᠭ᠎ᠠ ᠪᠠᠷ︽ᠰᠣᠯᠣᠩᠭᠠᠨ ᠮᠣᠷᠢᠳ︾ᠤᠷᠠᠯᠢᠭ ᠤᠨ ᠪᠣᠯᠪᠠᠰᠤᠷᠠᠯ ᠤᠨ ᠲᠥᠰᠥᠯ ᠢ ᠬᠡᠷᠡᠭᠵᠢᠭᠦᠯᠵᠡᠢ᠃

ᠤᠭ ᠲᠥᠰᠥᠯ ᠳᠤ  ᠡᠬᠡ ᠬᠡᠦᠬᠡᠳ ᠤᠨ ᠡᠷᠡᠭᠦᠯ ᠮᠡᠨᠳᠦ ᠶᠢᠨ ᠦᠨᠳᠦᠰᠦᠲᠡᠨ ᠤ ᠲᠥᠪ ᠤᠨ ᠴᠢᠰᠤᠨ ᠤ ᠡᠮᠭᠡᠭ᠂ ᠬᠠᠪᠤᠳᠠᠷ ᠰᠤᠳᠤᠯᠤᠯ ᠤᠨ  ᠲᠠᠰᠤᠭ᠂ ᠰᠡᠳᠬᠢᠴᠡ ᠶᠢᠨ ᠡᠷᠡᠭᠦᠯ ᠮᠡᠨᠳᠦ ᠶᠢᠨ ᠦᠨᠳᠦᠰᠦᠨ ᠤ ᠲᠦᠪ᠂ ᠰᠤᠷᠭᠠᠯᠲᠠ ᠬᠥᠮᠥᠵᠢᠯ ᠤᠨ ᠲᠤᠰᠬᠠᠶ ᠪᠠᠶᠢᠭᠤᠯᠤᠯᠭ᠎ᠠ ᠨᠤᠭᠤᠳ ᠤᠨ ᠤᠳᠠᠭᠠᠨ ᠬᠤᠭᠤᠴᠠᠭᠠᠨ ᠳᠤ ᠡᠮᠴᠢᠯᠡᠭᠦᠯᠵᠦ ᠪᠠᠶᠢᠭ᠎ᠠ ᠡᠮᠴᠢᠯᠡᠭᠦᠯᠦᠭᠰᠡᠳ᠂ ᠬᠡᠦᠬᠡᠳ ᠤᠳ ᠤᠨ ᠳᠠᠭᠤ ᠬᠤᠭᠤᠯᠠᠢ᠂ ᠦᠵᠡᠯ ᠪᠣᠳᠣᠯ ᠢ ᠣᠯᠠᠨ ᠨᠡᠶᠢᠲᠡ ᠳᠤ ᠬᠦᠷᠭᠡᠬᠦ ᠶᠢ ᠵᠣᠷᠢᠭᠰᠠᠨ ᠪᠠᠶᠢᠨ᠎ᠡ᠃ ᠲᠥᠰᠥᠯ ᠤᠨ ᠣᠷᠤᠯᠴᠠᠭᠴᠢᠳ ᠤᠷᠠᠯᠢᠭ ᠤᠨ ᠰᠡᠦᠡᠬᠢᠯ ᠵᠠᠰᠠᠯᠴᠢ ᠶᠢᠨ ᠵᠢᠭᠠᠪᠤᠷᠢ ᠪᠠᠷ ᠮᠣᠷᠢᠨ ᠤ ᠪᠠᠷᠢᠮᠠᠯ ᠠᠰᠢᠭᠯᠠᠨ ᠥᠪᠡᠷᠰᠡᠳ ᠤᠨ ᠲᠡᠦᠬᠡ ᠪᠠᠨ ᠪᠦᠲᠦᠭᠡᠵᠡᠢ᠃
ᠲᠥᠰᠥᠯ ᠨᠢ ᠤᠷᠠᠯᠢᠭ ᠤᠨ ᠰᠡᠦᠡᠬᠢᠯ ᠵᠠᠰᠠᠯ ᠢᠶᠠᠷ ᠳᠠᠮᠵᠢᠭᠤᠯᠤᠨ ᠨᠡᠶᠢᠭᠡᠮ ᠤᠨ ᠦᠶᠯᠡ ᠠᠵᠢᠯᠯᠠᠭᠠᠨ ᠠᠴᠠ ᠲᠤᠰᠠᠭᠠᠷᠯᠠᠭᠳᠠᠭᠰᠠᠨ ᠲᠣᠳᠤᠷᠬᠠᠶ ᠪᠦᠯᠦᠭ ᠤᠨ ᠨᠡᠶᠢᠭᠡᠮ ᠳᠠᠬᠢ ᠣᠷᠣᠯᠴᠠᠭ᠎ᠠ ᠶᠢ ᠳᠡᠮᠵᠢᠬᠦ᠂ ᠲᠥᠰᠥᠯ ᠤᠨ ᠣᠷᠣᠯᠴᠠᠭᠴᠢᠳ ᠤᠨ ᠳᠠᠭᠤ ᠬᠤᠭᠤᠯᠠᠢ ᠶᠢ ︽ᠰᠣᠯᠣᠩᠭᠠᠨ ᠮᠣᠷᠢᠳ︾ ᠢᠶᠠᠷ ᠳᠠᠮᠵᠢᠭᠤᠯᠤᠨ ᠣᠯᠠᠨ ᠨᠡᠶᠢᠲᠡ ᠳᠤ ᠬᠦᠷᠭᠡᠬᠦ ᠵᠣᠷᠢᠯᠭ᠎ᠠ ᠲᠠᠢ᠃

ᠰᠡᠳᠬᠢᠭᠳᠡᠯ ᠦᠯᠡᠳᠡᠭᠡᠬᠦ