︽᠁ ᠡᠭᠦᠷᠢᠳᠡ ᠥᠭᠡᠷᠡᠴᠢᠯᠡᠭᠳᠡᠭᠰᠡᠨ︾ ᠭᠡᠬᠦ ᠺᠢᠨᠣ᠋  ᠪᠦᠲᠦᠭᠡᠵᠡᠢ | News.MN

︽᠁ ᠡᠭᠦᠷᠢᠳᠡ ᠥᠭᠡᠷᠡᠴᠢᠯᠡᠭᠳᠡᠭᠰᠡᠨ︾ ᠭᠡᠬᠦ ᠺᠢᠨᠣ᠋  ᠪᠦᠲᠦᠭᠡᠵᠡᠢ

︽ᠬᠦᠭᠡᠷᠦᠬᠦᠨ ᠵᠢᠷᠦᠬᠡ︾ᠲᠥᠷᠦ ᠶᠢᠨ ᠪᠤᠰᠤ ᠪᠠᠶᠢᠭᠤᠯᠤᠯᠭ᠎ᠠ  ᠶᠢᠨ 10 ᠵᠢᠯ ᠤᠨ ᠣᠢ ᠳᠤ ᠵᠣᠷᠢᠭᠤᠯᠤᠨ︽᠁ ᠡᠭᠦᠷᠢᠳᠡ ᠥᠭᠡᠷᠡᠴᠢᠯᠡᠭᠳᠡᠭᠰᠡᠨ︾ᠤᠷᠠᠨ ᠰᠠᠶᠢᠬᠠᠨ ᠤ ᠺᠢᠨᠣ᠋ ᠶᠢ ᠪᠦᠲᠦᠭᠡᠵᠡᠢ᠃ ᠺᠢᠨᠣ᠋ ᠶᠢᠨ ᠨᠡᠭᠡᠭᠡᠯᠳᠡ ᠮᠡᠷᠭᠠᠰᠢ 16.00 ᠴᠠᠭ ᠲᠤ Cineplex ᠺᠢᠨᠣ᠋ ᠲᠢᠶᠠᠲᠷ᠂ ᠵᠠᠶᠢᠰᠠᠩ ᠾᠢᠯᠯ ᠴᠣᠭᠴᠠᠯᠠᠪᠤᠷᠢ  ᠳᠦ ᠪᠣᠯᠤᠨ᠎ᠠ᠃ ᠡᠨᠡ ᠺᠢᠨᠣ᠋ ᠶᠢ ᠨᠠᠰᠤᠨ ᠳᠤ ᠬᠦᠷᠦᠭᠡᠳᠦᠢ᠂ ᠪᠡᠯᠭᠡ ᠶᠢᠨ  ᠬᠦᠴᠦᠷᠬᠡᠶᠢᠯᠡᠯ ᠤᠨ ᠳᠠᠪᠠᠨ ᠲᠤᠭᠤᠯᠤᠭᠴᠢᠳ ᠲᠤ ᠡᠭᠡᠯᠢᠲᠠᠢ ᠲᠣᠭᠲᠠᠯᠴᠠᠭ᠎ᠠ ᠶᠢ ᠪᠠᠬᠢᠵᠢᠭᠦᠯᠬᠦ ᠵᠣᠷᠢᠯᠭ᠎ᠠ ᠪᠠᠷ ᠪᠣᠳᠠᠲᠤ ᠲᠡᠦᠬᠡ ᠠᠴᠠ ᠰᠡᠳᠦᠪᠯᠡᠨ ᠪᠦᠲᠦᠭᠡᠵᠡᠢ᠃
ᠮᠠᠨ ᠤ ᠤᠯᠤᠰ ᠲᠤ ᠵᠢᠯ ᠳᠤ ᠳᠤᠮᠳᠠᠴᠢ ᠪᠠᠷ 250 ᠣᠷᠴᠢᠮ ᠬᠡᠦᠬᠡᠳ ᠤᠨ  ᠡᠰᠡᠷᠭᠦ ᠪᠡᠯᠭᠡ ᠶᠢᠨ  ᠬᠦᠴᠦᠷᠬᠡᠶᠢᠯᠡᠯ ᠤᠨ ᠭᠡᠮᠲᠦ ᠬᠡᠷᠡᠭ ᠪᠦᠷᠢᠳᠬᠡᠵᠦ ᠪᠠᠶᠢᠨ᠎ᠡ᠃ ᠡᠭᠦᠨ ᠠᠴᠠ 70-80 ᠬᠤᠪᠢ ᠶᠢ ᠣᠷᠤᠭ ᠲᠥᠷᠥᠯ ᠤᠨ ᠪᠡᠯᠭᠡ ᠶᠢᠨ ᠬᠦᠴᠦᠷᠬᠡᠶᠢᠯᠡᠯ ᠡᠵᠡᠯᠡᠵᠡᠢ᠃

ᠰᠡᠳᠬᠢᠭᠳᠡᠯ ᠦᠯᠡᠳᠡᠭᠡᠬᠦ