ᠮᠣᠩᠭᠤᠯ ᠪᠢᠴᠢᠭ ᠢᠶᠠᠷ ᠵᠡᠬᠢᠳᠡᠯ ᠪᠢᠴᠢᠬᠦ ᠤᠷᠤᠯᠳᠤᠭᠠᠨ ᠵᠠᠷᠯᠠᠯ᠎ᠠ | News.MN

ᠮᠣᠩᠭᠤᠯ ᠪᠢᠴᠢᠭ ᠢᠶᠠᠷ ᠵᠡᠬᠢᠳᠡᠯ ᠪᠢᠴᠢᠬᠦ ᠤᠷᠤᠯᠳᠤᠭᠠᠨ ᠵᠠᠷᠯᠠᠯ᠎ᠠ

ᠥᠪᠦᠷᠬᠠᠩᠭᠠᠢ ᠠᠶᠢᠮᠠᠭ ᠤᠨ ᠪᠤᠯᠪᠠᠰᠤᠷᠠᠯ ᠰᠢᠨᠵᠢᠯᠡᠬᠦ ᠤᠬᠠᠭᠠᠨ ᠤ ᠭᠠᠵᠠᠷ᠂  ᠰᠤᠶᠤᠯ ᠤᠷᠠᠯᠢᠭ ᠤᠨ ᠭᠠᠵᠠᠷ ᠨᠢ ᠰᠢᠨ᠎ᠡ ᠶᠢᠨ ᠪᠠᠶᠠᠷ ᠢ ᠤᠭᠲᠤᠨ ᠥᠪ ᠰᠣᠶᠣᠯ ᠢᠶᠠᠨ ᠲᠦᠭᠡᠭᠡᠨ ᠳᠡᠯᠭᠡᠷᠡᠭᠦᠯᠬᠦ ︽ᠪᠠᠶᠢᠨ᠎ᠠ ᠤᠤ︾ᠨᠢᠭᠡ ᠰᠠᠷ᠎ᠠ ᠶᠢᠨ ᠠᠶᠠᠨ ᠢ ᠥᠨᠥᠳᠥᠷ ᠡᠬᠢᠯᠡᠭᠦᠯᠦᠯ᠎ᠡ᠃
ᠢᠷᠡᠬᠦ ᠰᠠᠷ᠎ᠠ ᠶᠢᠨ 25 ᠬᠦᠷᠳᠡᠯ᠎ᠠ ᠨᠢᠭᠡ ᠰᠠᠷ᠎ᠠ ᠦᠷᠬᠦᠯᠵᠢᠯᠡᠬᠦ  ᠲᠤᠰ ᠠᠶᠠᠨ ᠢᠶᠠᠷ ᠪᠡᠯᠭᠡ ᠳᠡᠮᠪᠡᠷᠢᠯ ᠦᠨ ᠦᠭᠡ  ᠪᠦᠬᠦᠢ ︽ᠪᠠᠶᠢᠨ᠎ᠠ ᠤᠤ︾ ᠵᠠᠬᠢᠳᠠᠯ ᠤᠨ ᠤᠷᠤᠯᠳᠤᠭᠠᠨ ᠢ ᠵᠠᠷᠯᠠᠵᠤ ᠪᠠᠶᠢᠭ᠎ᠠ ᠶᠤᠮ᠃  ᠠᠪᠤ  ᠡᠵᠢ᠂ ᠠᠬᠠᠨ ᠳᠡᠭᠦᠦᠰ ᠤᠨ ᠢᠶᠠᠨ ᠠᠮᠤᠷ ᠮᠡᠨᠳᠦ ᠶᠢ ᠠᠶᠢᠯᠠᠳᠬᠠᠭᠰᠠᠨ᠂ ᠰᠠᠶᠢᠨ ᠰᠠᠶᠢᠬᠠᠨ ᠤ ᠢᠷᠦᠭᠡᠯ ᠡᠷᠭᠦᠭᠰᠡᠨ ᠵᠠᠬᠢᠳᠠᠯ ᠢ 40-60 ᠦᠭᠡᠨ ᠳᠤ ᠪᠠᠭᠲᠠᠭᠠᠨ ᠮᠣᠩᠭᠤᠯ ᠪᠢᠴᠢᠭ ᠢᠶᠠᠷ ᠪᠢᠴᠢᠵᠦ ᠢᠷᠡᠭᠦᠯᠬᠦ  ᠶᠤᠮ᠃
ᠳᠡᠭᠡᠷᠡᠬᠢ ᠠᠶᠠᠨ ᠢᠶᠠᠷ︽ᠵᠣᠯᠭᠠᠬᠤ ᠨᠤᠳᠤᠬ︾ᠭᠠᠷ ᠵᠢᠷᠤᠭ ᠤᠨ ᠤᠷᠤᠯᠳᠤᠭᠠᠨ᠂︽ᠡᠩᠬᠡ ᠮᠡᠨᠳᠦ ᠶᠢᠨ ᠠᠶᠠᠯᠭᠤ︾ᠠᠷᠠᠳ ᠤᠨ  ᠳᠠᠭᠤᠤ ᠶᠢᠨ ᠴᠠᠬᠢᠮ ᠤᠷᠤᠯᠳᠤᠭᠠᠨ ᠢ ᠵᠠᠷᠯᠠᠯ᠎ᠠ᠃ ᠵᠠᠬᠢᠳᠠᠯ ᠤᠨ ᠪᠤᠯᠦᠠ ᠳᠠᠭᠤᠤ ᠶᠢᠨ ᠤᠷᠤᠯᠳᠤᠭᠠᠨ ᠳᠤ ᠪᠦᠬᠦ ᠨᠠᠰᠤᠨ ᠤ ᠬᠢᠨ ᠤᠷᠦᠯᠴᠡᠬᠤ ᠪᠣᠯᠣᠮᠵᠢ ᠲᠠᠢ ᠪᠤᠯ ᠭᠠᠷ ᠵᠢᠷᠤᠭ ᠤᠨ ᠤᠷᠤᠯᠳᠤᠭᠠᠨ ᠢ 6-8᠂ 9-12 ᠳ᠋ᠤᠭᠠᠷ ᠠᠩᠭᠢ ᠶᠢᠨ ᠰᠤᠷᠤᠭᠴᠢᠳ ᠤᠨ ᠳᠤᠮᠳᠠ ᠵᠤᠬᠢᠶᠠᠨ᠎ᠠ᠃

ᠰᠡᠳᠬᠢᠭᠳᠡᠯ ᠦᠯᠡᠳᠡᠭᠡᠬᠦ