ᠰᠠᠶᠢᠨ ᠨᠣᠶᠠᠨ ᠬᠠᠨ ᠲ᠊ · ᠨᠠᠮᠨᠠᠨᠰᠦ᠋ᠷᠦᠩ ᠤᠨ ᠡᠳ᠋ᠯᠡᠵᠦ ᠬᠡᠷᠡᠭᠯᠡᠵᠦ ᠪᠠᠶᠢᠭᠰᠠᠨ ᠵᠠᠷᠢᠮ ᠡᠳ᠋ ᠵᠦᠢᠯ  | News.MN

ᠰᠠᠶᠢᠨ ᠨᠣᠶᠠᠨ ᠬᠠᠨ ᠲ᠊ · ᠨᠠᠮᠨᠠᠨᠰᠦ᠋ᠷᠦᠩ ᠤᠨ ᠡᠳ᠋ᠯᠡᠵᠦ ᠬᠡᠷᠡᠭᠯᠡᠵᠦ ᠪᠠᠶᠢᠭᠰᠠᠨ ᠵᠠᠷᠢᠮ ᠡᠳ᠋ ᠵᠦᠢᠯ 

ᠤᠯᠠᠨ᠎ᠠ ᠡᠷᠭᠦᠭᠳᠡᠭᠰᠡᠨ ᠮᠣᠩᠭᠤᠯ ᠤᠯᠤᠰ ᠤᠨ ᠠᠩᠬᠠᠨ ᠤ ᠶᠡᠷᠦᠩᠬᠡᠶ ᠰᠠᠶᠢᠳ᠂ ᠰᠠᠶᠢᠨ ᠨᠣᠶᠠᠨ ᠬᠠᠨ ᠲ᠊ · ᠨᠠᠮᠨᠠᠨᠰᠦᠷᠦᠩ 1978 ᠣᠨ ᠤ ᠬᠤᠶᠠᠳᠤᠭᠠᠷ ᠰᠠᠷ᠎ᠠ ᠳᠤ ᠥᠪᠦᠷᠬᠠᠩᠭᠠᠢ ᠠᠶᠢᠮᠠᠭ ᠤᠨ ᠤᠶᠠᠩᠭ᠎ᠠ ᠰᠤᠮᠤ ᠶᠢᠨ ᠨᠤᠲᠤᠭ ᠲᠤ ᠲᠥᠷᠦᠭᠰᠡᠨ᠃ ᠲᠡᠷᠡ ᠪᠠᠷ 41 ᠨᠠᠰᠤᠨ ᠳᠤ ᠪᠠᠨ ᠵᠠᠭᠤᠷᠠᠳᠤ ᠪᠠᠷ ᠲᠠᠭᠠᠯᠠᠯ ᠲᠡᠭᠦᠰᠦᠭᠰᠡᠨ ᠪᠥᠭᠡᠳ ᠨᠡᠶᠢᠭᠡᠮ ᠢ ᠠᠶᠤᠯ ᠠᠴᠠ ᠬᠠᠮᠡᠭᠠᠯᠡᠬᠤ ᠶᠠᠮᠤᠨ ᠲᠡᠭᠦᠨ ᠤ ᠡᠳ᠋ ᠬᠥᠷᠥᠩᠭᠡ ᠶᠢ ᠬᠤᠷᠢᠶᠠᠨ  ᠠᠪᠤᠭᠰᠠᠨ ᠤ ᠳᠠᠷᠠᠭ᠎ᠠ ᠢᠷᠭᠡᠳ ᠲᠤ ᠲᠣᠳᠤᠷᠬᠠᠶ ᠦᠨ᠎ᠡ ᠪᠠᠷ ᠦᠨᠡᠯᠡᠵᠦ ᠬᠤᠳᠠᠯᠳᠤᠭᠰᠠᠨ ᠪᠠᠶᠢᠳᠠᠭ᠃

ᠥᠪᠦᠷᠬᠠᠩᠭᠠᠢ ᠠᠶᠢᠮᠠᠭ ᠤᠨ ᠮᠦᠽᠧᠶ ᠰᠠᠶᠢᠨ ᠨᠣᠶᠠᠨ ᠬᠠᠨ ᠤ ᠡᠳ᠋ᠯᠡᠵᠦ ᠬᠡᠷᠡᠭᠯᠡᠵᠦ ᠶᠠᠪᠤᠭᠰᠠᠨ ᠵᠠᠷᠢᠮ ᠡᠳ᠋ ᠵᠦᠢᠯ ᠢ ᠢᠷᠭᠡᠳ ᠠᠴᠠ ᠬᠤᠳᠠᠯᠳᠤᠨ ᠠᠪᠴᠤ᠂ ᠰᠠᠩ ᠬᠥᠮᠦᠷᠭᠡ ᠲᠤ ᠪᠠᠨ ᠬᠠᠳᠠᠭᠠᠯᠠᠵᠤ ᠪᠠᠶᠢᠨ᠎ᠡ᠃  ᠲ᠊ · ᠨᠠᠮᠨᠠᠨᠰᠦᠷᠦᠩ ᠰᠠᠶᠢᠳ ᠤᠨ ᠡᠳ᠋ᠯᠡᠵᠦ ᠬᠡᠷᠡᠭᠯᠡᠵᠦ ᠪᠠᠶᠢᠭᠰᠠᠨ ᠲᠡᠯᠢᠩ ᠢ 1960  ‍ᠭᠠᠳ ᠣᠨ ᠳᠤ᠂ ᠰᠢᠲᠦᠵᠦ ᠶᠠᠪᠤᠭᠰᠠᠨ︽ᠠᠷᠰᠯᠠᠨ ᠨᠢᠭᠤᠷᠲᠤ︾ᠪᠤᠶᠤ ᠰᠧᠨᠳᠤᠮ ᠪᠤᠷᠬᠠᠨ ᠢ ᠨᠢ 1970  ‍ᠭᠠᠳ ᠣᠨ ᠳᠤ ᠠᠶᠢᠮᠠᠭ ᠤᠨ ᠮᠦᠽᠧᠢ ᠶᠢᠨ ᠰᠠᠩ ᠬᠥᠮᠥᠷᠭᠡ ᠳᠤ ᠪᠦᠷᠢᠳᠬᠡᠵᠦ ᠠᠪᠴᠠᠢ᠃
ᠥᠪᠦᠷᠬᠠᠩᠭᠠᠢ ᠠᠶᠢᠮᠠᠭ ᠤᠨ ᠮᠦᠽᠧᠶ ᠳᠦ ᠰᠠᠶᠢᠨ ᠨᠣᠶᠠᠨ ᠬᠠᠨ ᠪᠤᠯᠦᠠ ᠮᠠᠭᠰᠤᠷ ᠬᠠᠲᠤᠨ ᠬᠡᠷᠡᠭᠯᠡᠵᠦ ᠪᠠᠶᠢᠭᠰᠠᠨ ᠭᠠᠤᠯᠢᠨ ᠲᠣᠨᠤᠭ ᠲᠠᠢ ᠭᠠᠩ ᠳᠥᠷᠦᠭᠡ᠂ ᠰᠢᠲᠠᠷ᠎ᠠ ᠵᠡᠷᠭᠡ ᠶᠢ ᠮᠦᠨ ᠬᠠᠳᠠᠭᠠᠯᠠᠵᠤ ᠪᠠᠶᠢᠨ᠎ᠡ᠃

ᠰᠡᠳᠬᠢᠭᠳᠡᠯ ᠦᠯᠡᠳᠡᠭᠡᠬᠦ