ᠳᠠᠷᠢᠭᠠᠩᠭ᠎ᠠ ᠠᠶᠠᠯᠭ᠎ᠠ ᠶᠢ ᠰᠡᠷᠭᠦᠭᠡᠬᠦ᠂ ᠲᠦᠭᠡᠭᠡᠨ ᠳᠡᠯᠭᠡᠷᠡᠭᠦᠯᠬᠦ ᠶᠢ ᠵᠣᠷᠢᠵᠤ ᠪᠠᠶᠢᠨ᠎ᠡ | News.MN

ᠳᠠᠷᠢᠭᠠᠩᠭ᠎ᠠ ᠠᠶᠠᠯᠭ᠎ᠠ ᠶᠢ ᠰᠡᠷᠭᠦᠭᠡᠬᠦ᠂ ᠲᠦᠭᠡᠭᠡᠨ ᠳᠡᠯᠭᠡᠷᠡᠭᠦᠯᠬᠦ ᠶᠢ ᠵᠣᠷᠢᠵᠤ ᠪᠠᠶᠢᠨ᠎ᠡ

ᠠᠮᠪᠠ᠂ ᠠᠵᠢᠶ᠎ᠠ᠂  ᠭᠦᠶᠦ᠋᠂ ᠠᠭᠠᠷᠤ᠂ ᠲᠤᠩᠬᠤᠤ᠂ ᠪᠠᠷᠠᠭᠤᠨᠴᠠ ᠵᠡᠭᠦᠨᠴᠡ ᠂ ᠤᠷᠵᠢᠨᠤᠨ᠁ ᠡᠨᠡ ᠪᠣᠯ ᠳᠠᠷᠢᠭᠠᠩᠭ᠎ᠠ ᠨᠤᠲᠤᠭ ᠤᠨ ᠦᠭᠡ ᠬᠡᠯᠡᠯᠭᠡ᠃ ᠮᠣᠩᠭᠤᠯᠴᠤᠳ ᠤᠨ ᠨᠡᠷᠡᠯᠡᠵᠦ ᠵᠠᠩᠰᠢᠭᠰᠠᠨ ᠳᠠᠷᠢᠭᠠᠩᠭ᠎ᠠ ᠠᠶᠠᠯᠭ᠎ᠠ᠃ ᠡᠨᠡ ᠮᠡᠲᠦ ᠦᠭᠡ ᠬᠡᠯᠡᠯᠭᠡ ᠶᠢ ᠣᠳᠤ ᠴᠤ ᠰᠦᠬᠡᠪᠠᠭᠠᠲᠤᠷ ᠤᠨ ᠬᠢᠨ ᠶᠠᠷᠢᠶᠠᠨ ᠳᠤ ᠪᠠᠨ ᠠᠰᠢᠭᠯᠠᠳᠠᠭ᠃ ᠬᠠᠷᠢᠨ ᠰᠢᠨ᠎ᠡ ᠵᠠᠯᠠᠭᠤ ᠦᠶ᠎ᠡ ᠶᠢᠨ ᠬᠢᠨ᠂ ᠬᠡᠦᠬᠡᠳ ᠪᠠᠭᠠᠴᠤᠳ ᠦᠢᠯᠭᠠᠬᠤ ᠨᠢ ᠬᠤᠪᠦᠷ᠃ ᠤᠴᠢᠷ ᠨᠢ ᠡᠨᠡ ᠦᠭᠡ ᠬᠡᠯᠡᠯᠭᠡ᠂ ᠠᠶᠠᠯᠭ᠎ᠠ ᠮᠠᠷᠲᠠᠭᠳᠠᠵᠤ ᠪᠠᠶᠢᠭ᠎ᠠ ᠲᠠᠢ ᠬᠤᠯᠪᠣᠭ᠎ᠠ ᠲᠠᠢ᠃ ᠲᠡᠭᠡᠪᠡᠯ ᠵᠠᠯᠠᠭᠤᠰ  ᠡᠨᠡ ᠬᠦ ᠮᠠᠷᠲᠠᠭᠳᠠᠭᠠᠳ ᠪᠠᠶᠢᠭ᠎ᠠ ᠰᠣᠶᠣᠯ ᠢᠶᠠᠨ ᠬᠡᠦᠬᠡᠯᠳᠡᠢ ᠶᠢᠨ ᠺᠢᠨᠣ᠋ ᠪᠠᠷ ᠳᠠᠮᠵᠢᠭᠤᠯᠤᠨ ᠬᠡᠦᠬᠡᠳ ᠪᠠᠭᠠᠴᠤᠳ ᠲᠤ ᠪᠠᠨ ᠥᠪᠯᠡᠭᠦᠯᠤᠨ ᠦᠯᠡᠳᠡᠭᠡᠬᠦ᠂ ᠲᠦᠭᠡᠭᠡᠨ ᠳᠡᠯᠭᠡᠷᠡᠭᠦᠯᠬᠦ ᠪᠠᠷ ᠵᠣᠷᠢᠵᠤ ᠪᠠᠶᠢᠨ᠎ᠡ᠃
ᠲᠣᠳᠣᠷᠠᠭᠤᠯᠪᠠᠯ ᠲᠡᠳᠡ ᠪᠦᠷᠢᠠ ᠬᠡᠮᠵᠢᠶᠡᠨ ᠤ 10 ᠠᠩᠭᠢᠲᠤ 2D ᠠᠨᠢᠮᠧᠱᠢᠨ ᠢ ᠪᠦᠲᠦᠭᠡᠵᠦ ᠪᠠᠶᠢᠨ᠎ᠡ᠃︽ᠰᠣᠨᠢᠭᠤᠴᠢ ᠬᠦᠦ ᠶᠢᠨ ᠠᠳᠠᠯ ᠶᠠᠪᠤᠳᠠᠯ︾ᠨᠡᠷ᠎ᠡ ᠲᠠᠢ ᠤᠭ ᠪᠦᠲᠦᠭᠡᠯ ᠨᠢ ᠣᠷᠣᠨ ᠨᠤᠲᠤᠭ ᠤᠨ ᠣᠨᠴᠠᠯᠢᠭ᠂ ᠮᠠᠷᠲᠠᠭᠳᠠᠵᠤ ᠪᠤᠶ ᠥᠪ ᠰᠣᠶᠣᠯ ᠢ  ᠠᠭᠤᠯᠤᠭᠰᠠᠨ ᠢᠶᠠᠷ ᠢᠶᠠᠨ ᠣᠨᠴᠠᠯᠢᠭ᠃ ᠥᠭᠡᠷ᠎ᠡ ᠪᠠᠷ ᠬᠡᠯᠡᠪᠡᠯ ᠬᠡᠦᠬᠡᠯᠳᠡᠢ ᠶᠢᠨ ᠺᠢᠨᠣ᠋ ᠶᠢᠨ ᠦᠭᠡ ᠬᠡᠯᠡᠯᠭᠡ᠂ ᠶᠠᠷᠢᠶ᠎ᠠ ᠪᠦᠬᠦᠳᠠ ᠳᠡᠭᠡᠷ᠎ᠡ ᠳᠤᠷᠠᠳᠤᠭᠰᠠᠨ ᠳᠠᠷᠢᠭᠠᠩᠭ᠎ᠠ ᠠᠶᠠᠯᠭ᠎ᠠ ᠠᠴᠠ ᠪᠦᠲᠦᠭᠰᠡᠨ ᠪᠠᠶᠢᠨ᠎ᠡ᠃

ᠪᠦᠲᠦᠭᠡᠯ ᠢ ᠲᠧᠯᠸᠢᠰ ᠤᠨ ᠰᠤᠪᠠᠭ  ᠪᠤᠯᠦᠠ  ᠴᠠᠬᠢᠮ ᠣᠷᠴᠢᠨ ᠢᠶᠠᠷ ᠲᠦᠭᠡᠭᠡᠵᠦ ᠦᠵᠡᠭᠴᠢᠳ ᠤᠨ ᠬᠦᠷᠲᠡᠭᠡᠯ ᠪᠣᠯᠭᠠᠨ᠎ᠠ᠃ ᠣᠳᠤ ᠪᠠᠷ ᠡᠬᠢᠨ ᠤ ᠲᠠᠪᠤᠨ ᠠᠩᠭᠢ ᠪᠡᠯᠡᠨ ᠪᠣᠯᠣᠭᠠᠳ ᠪᠠᠶᠢᠨ᠎ᠡ᠃ ᠦᠷᠭᠦᠯᠵᠢᠯᠡᠭᠦᠯᠦᠨ ᠲᠠᠪᠤᠨ ᠠᠩᠭᠢ ᠬᠢᠬᠦ ᠪᠥᠭᠡᠳ ᠮᠦᠠ ᠰᠣᠨᠣᠰᠳᠠᠭ ᠨᠣᠮ ᠬᠡᠯᠪᠡᠷᠢ ᠪᠠᠷ ᠰᠣᠨᠣᠰᠤᠭᠴᠢᠳ ᠤᠨ ᠬᠦᠷᠲᠡᠭᠡᠯ ᠪᠣᠯᠭᠠᠬᠤ ᠪᠠᠷ ᠲᠥᠯᠥᠪᠯᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ