ᠶᠠᠫᠣᠨ ᠤ ᠬᠡᠦᠬᠡᠳ ᠢ ᠢᠪᠡᠭᠡᠬᠦ ᠰᠠᠩ ᠭᠤᠪᠢ ᠠᠯᠲᠠᠢ ᠠᠶᠢᠮᠠᠭ ᠲᠤ ᠰᠠᠯᠪᠤᠷᠢ ᠪᠠᠨ ᠨᠡᠭᠡᠭᠡᠯ᠎ᠡ | News.MN

 ᠶᠠᠫᠣᠨ ᠤ ᠬᠡᠦᠬᠡᠳ ᠢ ᠢᠪᠡᠭᠡᠬᠦ ᠰᠠᠩ ᠭᠤᠪᠢ ᠠᠯᠲᠠᠢ ᠠᠶᠢᠮᠠᠭ ᠲᠤ ᠰᠠᠯᠪᠤᠷᠢ ᠪᠠᠨ ᠨᠡᠭᠡᠭᠡᠯ᠎ᠡ

ᠬᠡᠦᠬᠡᠳ ᠤᠨ ᠣᠷᠣᠯᠴᠠᠭ᠎ᠠ ᠶᠢ ᠳᠡᠮᠵᠢᠬᠦ ᠵᠠᠮ ᠢᠶᠠᠷ ᠲᠡᠳᠡᠨ ᠳᠤ ᠲᠤᠯᠭᠠᠷᠠᠵᠤ ᠪᠣᠯᠵᠤᠰᠢ ᠦᠭᠡᠶ ᠪᠡᠷᠬᠡᠰᠢᠶᠡᠯ ᠢ ᠳᠠᠪᠠᠨ ᠲᠤᠭᠤᠯᠬᠤ᠂ ᠦᠶ᠎ᠡ ᠲᠡᠩ ᠤᠨ ᠬᠢᠨ ᠳᠤ ᠪᠠᠨ ᠵᠦᠪᠯᠡᠨ ᠲᠤᠰᠠᠯᠠᠬᠤ ᠤᠷ᠎ᠠ ᠴᠢᠳᠠᠪᠤᠷᠢ ᠶᠢ ᠡᠵᠡᠮᠰᠢᠭᠦᠯᠬᠦ᠂ ᠪᠠᠭᠰᠢ ᠰᠤᠷᠭᠠᠭᠤᠯᠢ ᠶᠢᠨ ᠠᠵᠢᠯᠲᠠᠳ᠂ ᠡᠴᠢᠭᠡ ᠡᠬᠡᠴᠦᠳ᠂ ᠬᠡᠦᠬᠡᠳ ᠤᠨ ᠰᠤᠷᠴᠤ ᠬᠥᠭᠵᠢᠬᠦ ᠦᠶᠯᠡ ᠶᠠᠪᠤᠴᠠ ᠶᠢ ᠬᠦᠴᠦᠷᠬᠡᠶᠢᠯᠡᠯ ᠤᠨ ᠪᠤᠰᠤ ᠠᠷᠭ᠎ᠠ ᠪᠠᠷ ᠬᠡᠷᠬᠢᠨ ᠳᠡᠮᠵᠢᠨ ᠰᠤᠷᠭᠠᠬᠤ᠂ ᠰᠤᠷᠭᠠᠭᠤᠯᠢ ᠪᠠ ᠬᠠᠮᠲᠤᠷᠠᠭᠰᠠᠨ ᠪᠠᠭ ᠤᠨ ᠠᠵᠢᠯᠯᠠᠭ᠎ᠠ ᠶᠢ ᠰᠠᠶᠢᠵᠢᠷᠠᠭᠤᠯᠤᠨ ᠪᠠᠬᠢᠵᠢᠭᠦᠯᠬᠦ ᠵᠣᠷᠢᠯᠭ᠎ᠠ ᠪᠠᠷ ᠶᠠᠫᠣᠨ ᠤ ᠬᠡᠦᠬᠡᠳ ᠢ ᠢᠪᠡᠭᠡᠬᠦ ᠰᠠᠩ ᠤᠨ︽ᠰᠤᠷᠭᠠᠭᠤᠯᠢ ᠲᠠᠢ ᠬᠠᠮᠲᠤᠷᠠᠨ ᠬᠡᠦᠬᠡᠳ ᠬᠠᠮᠠᠭᠠᠯᠠᠯ ᠢ ᠰᠠᠶᠢᠵᠢᠷᠠᠭᠤᠯᠬᠤ ᠨᠢ︾ᠲᠥᠰᠥᠯ ᠭᠤᠪᠢ ᠠᠯᠲᠠᠢ ᠠᠶᠢᠮᠠᠭ ᠲᠤ ᠬᠡᠷᠡᠭᠵᠢᠵᠦ ᠡᠬᠢᠯᠡᠯ᠎ᠡ᠃ ᠲᠥᠰᠥᠯ ᠡᠨᠡ ᠣᠨ ᠤ ᠨᠢᠭᠡᠳᠦᠭᠡᠷ ᠰᠠᠷ᠎ᠠ ᠠᠴᠠ  2025 ᠣᠨ ᠤ 12 ᠳ᠋ᠤᠭᠠᠷ ᠰᠠᠷ᠎ᠠ ᠶᠢ ᠳᠠᠭᠤᠰᠲᠠᠯ᠎ᠠ ᠭᠤᠷᠪᠠᠨ ᠵᠢᠯ ᠤᠨ ᠬᠤᠭᠤᠴᠠᠭᠠᠨ ᠳᠤ  ᠬᠡᠷᠡᠭᠵᠢᠨ᠎ᠡ᠃
ᠬᠡᠦᠬᠡᠳ ᠢ ᠢᠪᠡᠭᠡᠬᠦ ᠰᠠᠩ ᠨᠢ ᠲᠤᠰ ᠠᠶᠢᠮᠠᠭ ᠲᠤ︽ᠨᠡᠶᠢᠭᠡᠮ ᠤᠨ ᠡᠭᠡᠬᠦ ᠬᠠᠷᠢᠭᠤᠴᠠᠯᠭ᠎ᠠ ᠶᠢ ᠪᠠᠬᠢᠵᠢᠭᠦᠯᠬᠦ︾ᠲᠥᠰᠥᠯ᠂︽ᠬᠦᠮᠦᠯᠢᠭ ᠤᠨ ᠶᠠᠭᠠᠷᠠᠯᠲᠠᠢ ᠲᠤᠰᠠᠯᠠᠮᠵᠢ ᠦᠵᠡᠭᠦᠯᠬᠦ ᠲᠥᠰᠥᠯ︾ ᠢ ᠦᠡᠭᠭᠡᠷᠡᠭᠰᠡᠠ ᠣᠨ ᠳᠤ ᠬᠡᠷᠡᠭᠵᠢᠭᠦᠯᠦᠭᠰᠡᠨ ᠶᠤᠮ᠃ ᠡᠭᠦᠨ ᠠᠴᠠ ᠭᠠᠳᠡᠨ᠎ᠡ ᠲᠠᠬᠤᠯ ᠲᠠᠢ ᠬᠤᠯᠪᠤᠭ᠎ᠠ ᠲᠠᠢ︽ᠲᠠᠷᠬᠠᠪᠤᠷᠢ ᠵᠦᠢ ᠶᠢᠨ ᠬᠢᠨᠠᠯᠲᠠ ᠶᠢ ᠳᠡᠮᠵᠢᠬᠦ ᠨᠢ︾ᠲᠥᠰᠥᠯ ᠬᠡᠷᠡᠭᠵᠢᠭᠦᠯᠵᠦ 18 ᠰᠤᠮᠤ ᠶᠢᠨ ᠡᠷᠡᠭᠦᠯ ᠮᠡᠨᠳᠦ ᠶᠢᠨ ᠲᠥᠪ ᠤᠨ ᠡᠮᠴᠢ᠂  ᠰᠤᠪᠢᠯᠠᠭᠴᠢᠳ ᠢ ᠰᠤᠷᠭᠠᠵᠤ ᠴᠢᠳᠠᠪᠬᠢᠵᠢᠭᠤᠯᠬᠤ ᠶᠢᠨ ᠵᠡᠷᠭᠡᠴᠡᠭᠡ ᠰᠤᠮᠤᠳ ᠤᠨ ᠡᠷᠡᠭᠦᠯ ᠮᠡᠨᠳᠦ ᠶᠢᠨ ᠲᠦᠪ ᠦᠳ  ᠲᠦ ᠬᠦᠴᠢᠯᠲᠦ᠋ᠷᠥᠭᠴᠢ ᠶᠢᠨ ᠪᠠᠯᠯᠣᠨ ᠢ ᠳᠠᠭᠠᠯᠳᠤᠬᠤ ᠬᠡᠷᠡᠭᠰᠡᠯ ᠤᠨ ᠬᠠᠮᠲᠤ ᠬᠦᠯᠢᠶᠡᠯᠭᠡᠨ ᠥᠭᠭᠦᠭᠰᠡᠨ ᠪᠢᠯᠡ᠃

ᠰᠡᠳᠬᠢᠭᠳᠡᠯ ᠦᠯᠡᠳᠡᠭᠡᠬᠦ