ᠭᠠᠷ ᠤᠲᠠᠰᠤᠨ ᠤ Nomadic Adventure ᠲᠣᠭᠯᠠᠭᠠᠮ ᠭᠠᠷᠭᠠᠯ᠎ᠠ | News.MN

ᠭᠠᠷ ᠤᠲᠠᠰᠤᠨ ᠤ Nomadic Adventure ᠲᠣᠭᠯᠠᠭᠠᠮ ᠭᠠᠷᠭᠠᠯ᠎ᠠ

ᠪᠣᠯᠪᠠᠰᠤᠷᠠᠯ ᠰᠢᠨᠵᠢᠯᠡᠬᠦ ᠤᠬᠠᠭᠠᠨ ᠤ ᠶᠠᠮᠤᠨ᠂ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠡᠦᠬᠡᠳ ᠤᠨ ᠰᠠᠩ ᠯᠦᠺᠰᠧᠮᠪᠦ᠋ᠷᠡᠭ ᠰᠠᠩ ᠤᠨ ᠳᠡᠮᠵᠢᠯᠭᠡ ᠪᠠᠷ︽ᠴᠠᠬᠢᠮ ᠠᠶᠠᠯᠠᠯ︾ᠲᠥᠰᠥᠯ ᠢ ᠬᠤᠶᠠᠳᠠᠬᠢ ᠵᠢᠯ ᠳᠤ ᠪᠠᠨ ᠠᠮᠵᠢᠯᠲᠠᠲᠠᠶ ᠬᠡᠷᠡᠭᠵᠢᠭᠦᠯᠵᠦ ᠪᠠᠶᠢᠨ᠎ᠡ᠃ ᠲᠡᠳᠡ ᠰᠤᠷᠭᠠᠭᠤᠯᠢ ᠶᠢᠨ ᠡᠮᠦᠨᠡᠬᠢ ᠪᠤᠯᠦᠠ ᠪᠠᠭ᠎ᠠ ᠪᠣᠯᠪᠠᠰᠤᠷᠠᠯ ᠤᠨ ᠰᠤᠷᠤᠭᠴᠢᠳ ᠤᠨ ᠰᠤᠷᠤᠯᠭ᠎ᠠ᠂ ᠬᠥᠭᠵᠢᠯ ᠢ ᠳᠡᠮᠵᠢᠬᠦ 150-160 ᠲᠥᠷᠥᠯ ᠤᠨ ᠲᠣᠭᠯᠠᠭᠠᠮ ᠢ ᠪᠠᠭᠲᠠᠭᠠᠭᠰᠠᠨ 60 ᠰᠢᠨ᠎ᠡ ᠢᠨᠲ᠋ᠧᠷᠠᠺᠲ᠋ᠢᠪ ᠺᠤᠨᠲ᠋ᠧᠨᠲ ᠪᠣᠯᠪᠠᠰᠤᠷᠠᠭᠤᠯᠬᠤ ᠠᠴᠠ ᠭᠠᠳᠡᠨ᠎ᠡ ᠠᠩᠬ᠎ᠠ ᠤᠳᠠᠭ᠎ᠠ ᠪᠣᠯᠪᠠᠰᠤᠷᠠᠯ ᠤᠨ ᠰᠠᠯᠪᠤᠷᠢ ᠳᠤ ᠪᠦᠷᠢᠠ ᠬᠡᠮᠵᠢᠶᠡᠨ ᠤ ᠭᠠᠷ ᠤᠲᠠᠰᠤᠨ ᠤ Nomadic Adventure ᠲᠣᠭᠯᠠᠭᠠᠮ ᠢ ᠪᠦᠲᠦᠭᠡᠯ᠎ᠡ᠃

︽ ᠪᠢᠳᠡ ᠲᠣᠭᠯᠠᠭᠠᠮ ᠤᠨ ᠠᠷᠭ᠎ᠠ ᠵᠦᠢ ᠶᠢ ᠠᠰᠢᠭᠯᠠᠨ ᠮᠣᠩᠭᠤᠯ ᠶᠣᠰᠣ ᠵᠠᠩᠰᠢᠯ᠂ ᠠᠬᠤᠶ ᠠᠮᠢᠳᠤᠷᠠᠯ᠂ ᠤᠯᠠᠮᠵᠢᠯᠠᠯᠲᠤ ᠪᠡᠶᠡᠷ᠂ ᠢᠵᠡᠭᠤᠷ ᠤᠷᠠᠯᠢᠭ᠂ ᠭᠠᠵᠠᠷ ᠵᠦᠢ ᠶᠢᠨ ᠣᠨᠴᠠᠯᠢᠭ᠂ ᠠᠩ ᠠᠮᠢᠲᠠᠳ ᠤᠨ ᠲᠠᠯ᠎ᠠ ᠪᠠᠷ ᠬᠢ ᠰᠠᠭᠤᠷᠢ ᠮᠡᠳᠡᠯᠭᠡ ᠶᠢ ᠬᠡᠦᠬᠡᠳ ᠪᠠᠭᠠᠴᠤᠳ ᠲᠤ ᠲᠦᠭᠡᠭᠡᠬᠦ ᠢᠯᠠᠩᠭᠤᠶ᠎ᠠ ᠬᠢᠯᠢ ᠶᠢᠨ ᠴᠢᠨᠠᠳᠤ ᠳᠤ ᠪᠠᠶᠢᠭ᠎ᠠ ᠮᠣᠩᠭᠤᠯ ᠬᠡᠦᠬᠡᠳ ᠤᠳ ᠲᠤ ᠥᠪ ᠰᠣᠶᠣᠯ ᠢᠶᠠᠨ ᠮᠡᠳᠡᠵᠦ᠂ ᠬᠠᠳᠠᠭᠠᠯᠠᠵᠤ ᠶᠠᠪᠤᠭᠠᠰᠠᠢ ᠭᠡᠰᠡᠨ ᠵᠣᠷᠢᠯᠭ᠎ᠠ ᠲᠠᠢ ᠪᠦᠲᠦᠭᠡᠭᠰᠡᠨ ᠶᠤᠮ︾ᠭᠡᠵᠦ ᠮᠣᠩᠭᠤᠯ ᠳᠠᠬᠢ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠡᠦᠬᠡᠳ ᠤᠨ ᠰᠠᠩ ᠤᠨ ᠪᠣᠯᠪᠠᠰᠤᠷᠠᠯ ᠤᠨ  ᠴᠠᠬᠢᠮ ᠰᠢᠯᠵᠢᠯᠲᠡ ᠬᠠᠷᠢᠭᠤᠴᠠᠭᠰᠠᠨ ᠮᠡᠷᠭᠡᠵᠢᠯᠲᠡᠨ ᠪ∙ᠮᠦᠩᠬᠡᠬᠦ᠋ᠵᠢ ᠬᠡᠯᠡᠪᠡ᠃

ᠰᠡᠳᠬᠢᠭᠳᠡᠯ ᠦᠯᠡᠳᠡᠭᠡᠬᠦ